123456 0476-6223398
ᠵᠢᠭᠠᠨ ᠰᠤᠷᠭᠠᠯᠲᠠ ᠰᠤᠳᠤᠯᠭᠠᠨ
ᠵᠢᠭᠠᠨ ᠰᠤᠷᠭᠠᠯᠳ᠋ᠠ ᠶᠢᠨ ᠦᠭᠡᠷᠡᠴᠢᠯᠡᠯᠳ᠋ᠠ
2016.08.18 ᠲᠣᠰ ᠥᠷᠲᠡᠭᠡᠨ ᠦ ᠨᠠᠢᠷᠠᠭᠤᠯᠤᠭᠴᠢ

ᠵᠢᠭᠠᠨ ᠰᠤᠷᠭᠠᠯᠳ᠋ᠠ ᠶᠢᠨ ᠦᠭᠡᠷᠡᠴᠢᠯᠡᠯᠳ᠋ᠠ

ᠬᠢᠴᠢᠶᠠᠯ ᠤᠨ ᠦᠭᠡᠷᠡᠴᠢᠯᠡᠯᠳ᠋ᠠ ᠨᠢ ᠨᠡᠢᠭᠡᠮ ᠤᠨ ᠬᠦᠭᠵᠢᠯᠳ᠋ᠠ ᠳᠤ ᠵᠤᠬᠢᠴᠠᠭᠰᠠᠨ ᠴᠢᠳ᠋ᠠᠪᠤᠷᠢᠳ᠋ᠠᠨ ᠬᠦᠳ᠋ᠡᠯᠮᠤᠷᠢᠴᠢᠨ ᠪᠤᠯᠪᠠᠰᠤᠷᠠᠭᠤᠯᠬᠤ ᠶᠢ ᠱᠠᠭᠠᠷᠳ᠋ᠠᠵᠤ ᠪᠠᠢᠭ᠎ᠠ ᠤᠴᠢᠷ ᠰᠤᠷᠭᠠᠭᠤᠯᠢ ᠨᠢ ᠰᠤᠷᠤᠭᠴᠢ ᠶᠢᠨ ᠭᠥ᠋ᠭᠵᠢᠯᠳ᠋ᠠ ᠪᠠᠷ ᠥᠨᠳ᠋ᠤᠰᠤ ᠪᠤᠯᠭᠠᠵᠤ ᠂ ᠰᠤᠷᠭᠠᠨ ᠭᠥ᠋ᠮᠤᠵᠢᠯ ᠤᠨ ᠮᠥ᠋ᠨ ᠴᠢᠨ᠋ᠠᠷ ᠤᠨ ᠠᠰᠠᠭᠤᠳ᠋ᠠᠯ ᠢ ᠡᠵᠠᠮᠰᠢᠵᠤ ᠂ ᠲᠠᠭᠥᠨ  ᠦ ᠭᠤᠤᠯ ᠭᠤᠭᠴᠤᠭ᠎ᠠ ᠶᠢ ᠪᠠᠷᠢᠵᠤ ᠥᠪᠠᠷ ᠤᠨ ᠭᠡᠭᠥ ᠪᠥ᠋ᠷᠢᠨ ᠲᠠᠭᠥᠯᠳ᠋ᠡᠷ ᠬᠢᠴᠢᠶᠡᠯᠯᠡᠭᠡ ᠶᠢᠨ ᠠᠷᠭ᠎ᠠ ᠪᠠᠷᠢᠯ ᠪᠥ᠋ᠷᠢᠯᠳ᠋ᠤᠭᠥᠯᠭᠥ ᠶᠢ ᠠᠩᠬᠠᠷᠤᠭᠰᠠᠨ ᠪᠠᠢᠨ᠎ᠠ ᠃  ᠵᠢᠭᠠᠨ ᠰᠤᠷᠭᠠᠯᠳ᠋ᠠ ᠶᠢᠨ  ᠦᠭᠡᠷᠡᠴᠢᠯᠡᠯᠳ᠋ᠠ ᠶᠢᠨ ᠠᠵᠢᠯᠯᠠᠭᠠᠨ ᠢ 2008 ᠤᠨ ᠳᠤ ᠲᠤᠭᠳ᠋ᠠᠭᠠᠭᠰᠠᠨ 《 ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠬᠢᠴᠢᠶᠡᠯ ᠦᠨ ᠲᠠᠩᠬᠢᠮ ᠤᠨ ᠵᠢᠭᠠᠨ ᠰᠤᠷᠭᠠᠯᠳ᠋ᠠ ᠵᠢᠨ ᠥᠭᠡᠷᠡᠴᠢᠯᠡᠯᠲᠡ ᠵᠢᠨ ᠲᠥᠰᠦᠪ( ᠳᠣᠷᠰᠢᠠ ᠬᠡᠷᠡᠭᠵᠢᠭᠦᠯᠬᠦ )  》ᠢ᠋ ᠮᠦ᠋ᠷᠳ᠋ᠡᠨ ᠪᠡᠶᠡᠯᠡᠬᠦᠯᠵᠤ ᠪᠠᠢᠨ᠎ᠠ ᠃

ᠭᠢᠴᠢᠶᠠᠯ ᠤᠨ ᠲᠠᠩᠭᠢᠮ ᠪᠤᠯ ᠰᠤᠷᠭᠠᠨ ᠬᠦᠮᠦᠵᠢᠯ ᠪᠠ ᠵᠢᠭᠠᠨ ᠰᠤᠷᠭᠠᠯᠳ᠋ᠠ ᠶᠢ ᠲᠤᠭᠤᠰᠢᠯᠠᠭᠤᠯᠬᠤ ᠠᠷᠭ᠎ᠠ ᠵᠠᠮ ᠂ ᠰᠤᠷᠤᠭᠴᠢ ᠶᠢ ᠭᠥ᠋ᠮᠤᠨ ᠪᠤᠯᠭᠠᠨ ᠲᠥ᠋ᠯᠤᠪᠰᠢᠷᠡᠭᠥᠯᠭᠥ ᠪᠠ ᠴᠢᠳ᠋ᠠᠪᠤᠷᠢᠳ᠋ᠠᠨ ᠪᠤᠯᠭᠠᠵᠤ ᠬᠥᠮᠦᠵᠢᠭᠦᠯᠬᠦ ᠶᠢᠨ ᠭᠤᠤᠯ ᠲᠠᠯᠠᠪᠤᠷ ᠮᠥ᠋ᠨ ᠃ ᠭᠢᠴᠢᠶᠠᠯ ᠤᠨ ᠲᠠᠩᠭᠢᠮ ᠤᠨ ᠵᠢᠭᠠᠨ ᠰᠤᠷᠭᠠᠯᠳ᠋ᠠ ᠶᠢ ᠥᠭᠡᠷᠠᠴᠢᠯᠡᠭᠥ ᠠᠰᠠᠭᠤᠳ᠋ᠠᠯ ᠪᠤᠯ ᠭᠢᠴᠢᠶᠠᠯ ᠤᠨ ᠥᠭᠡᠷᠠᠴᠢᠯᠠᠯᠳ᠋ᠠ ᠶᠢᠨ  ᠵᠠᠩᠭᠢᠯᠠᠭ᠎ᠠ  ᠂ ᠤᠯᠤᠰ ᠤᠨ ᠥᠭᠡᠷᠠᠴᠢᠯᠠᠯᠳ᠋ᠠ ᠶᠢᠨ ᠬᠤᠯᠪᠤᠭᠳ᠋ᠠᠯ ᠪᠥ᠋ᠭᠥᠢ ᠵᠤᠷᠢᠭ ᠰᠠᠨ᠋ᠠᠭ᠎ᠠ ᠶᠢ ᠲᠤᠤᠱᠯᠠᠭᠤᠯᠵᠤ ᠴᠢᠳ᠋ᠠᠪᠤᠷᠢᠳ᠋ᠠᠨ ᠢ ᠬᠥᠮᠦᠵᠢᠭᠦᠯᠬᠦ ᠭᠡᠪ ᠵᠠᠭᠪᠤᠷ ᠪᠠ ᠰᠤᠷᠭᠠᠨ ᠭᠥ᠋ᠮᠤᠵᠢᠯ ᠵᠢᠴᠢ ᠵᠢᠭᠠᠬᠤ ᠰᠤᠷᠬᠤ ᠠᠷᠭ᠎ᠠ ᠶᠢ ᠰᠢᠨ᠋ᠡᠴᠢᠯᠡᠨ ᠶᠠᠰᠤ ᠴᠢᠨ᠋ᠠᠷ ᠢ ᠲᠡᠭᠡᠭ᠍ᠰᠢᠯᠡᠭᠥᠯᠵᠤ ᠂ ᠭᠡᠪ ᠴᠢᠨ᠋ᠠᠷ  ᠤᠨ ᠰᠤᠷᠭᠠᠨ ᠭᠥ᠋ᠮᠤᠵᠢᠯ ᠢ ᠠᠭᠢᠭᠤᠯᠬᠤ ᠳ᠋ᠣ ᠲᠤᠢᠯ ᠤᠨ ᠴᠢᠬᠤᠯᠠ ᠠᠴᠢ ᠬᠤᠯᠪᠤᠭᠳ᠋ᠠᠯ ᠲᠡᠢ ᠶᠤᠮ ᠃ ᠬᠢᠴᠢᠶᠡᠯᠯᠡᠭᠡ ᠶᠢᠨ ᠲᠠᠩᠬᠢᠮ ᠤᠨ ᠵᠢᠭᠠᠨ ᠰᠤᠷᠭᠠᠯᠲᠠ ᠶᠢ ᠮᠡᠳ᠋ᠡᠯᠭᠡ ᠤᠯᠠᠮᠵᠢᠯᠠᠬᠤ ᠬᠡᠯᠪᠡᠷᠢ ᠡᠴᠡ ᠰᠢᠨ᠎ᠡ ᠮᠡᠳ᠋ᠡᠯᠭᠡ ᠶᠢᠨ ᠲᠤᠭᠲᠠᠯᠴᠠᠭ᠎ᠠ ᠪᠤᠢ ᠪᠤᠯᠭᠠᠬᠤ ᠬᠡᠯᠪᠡᠷᠢ ᠳ᠋ᠦ ᠰᠢᠯᠵᠢᠭᠦᠯᠬᠦ ︔ ᠵᠢᠭᠠᠬᠤ ᠲᠦ᠋ᠰᠦᠪᠯᠡᠯ ᠢᠶᠡᠨ ᠬᠦᠳ᠋ᠡᠯᠦᠩᠭᠦᠢ ᠪᠤᠰᠤ ᠰᠤᠷᠤᠯᠴᠠᠭᠤᠯᠵᠦ ᠪᠠᠢᠭᠰᠠᠨ ᠡᠴᠡ ᠬᠦᠳ᠋ᠡᠯᠦᠩᠭᠦᠢ ᠰᠤᠷᠤᠯᠴᠠᠭᠤᠯᠬᠤ ᠵᠦ᠋ᠭ᠌ ᠬᠤᠪᠢᠷᠠᠭᠤᠯᠬᠤ ︔ ᠵᠢᠭᠠᠬᠤ ᠲᠦ᠋ᠰᠦᠪᠯᠡᠯ ᠤᠨ ᠠᠭᠤᠯᠭ᠎ᠠ ᠪᠠᠨ ᠤᠯᠠᠮᠵᠢᠯᠠᠵᠦ ᠪᠠᠢᠭᠰᠠᠨ ᠡᠴᠡ ᠪᠠᠭᠰᠢ ᠰᠤᠷᠤᠭᠴᠢ ᠬᠠᠮᠲᠤ ᠪᠠᠷ ᠰᠦ᠋ᠪᠡᠭᠴᠢᠯᠡᠨ ᠰᠤᠳ᠋ᠤᠯᠵᠦ ᠰᠤᠷᠤᠯᠴᠠᠬᠤ ᠵᠦ᠋ᠭ᠌ ᠰᠢᠯᠵᠢᠭᠦᠯᠬᠦ ︔ ᠵᠢᠭᠠᠬᠤ ᠠᠷᠭ᠎ᠠ ᠪᠠᠨ ᠵᠦ᠋ᠪᠬᠡᠨ ᠰᠡᠩᠬᠡᠷᠡᠭᠦᠯᠵᠦ ᠪᠠᠢᠭᠰᠠᠨ ᠡᠴᠡ ᠰᠤᠷᠤᠭᠴᠢᠳ ᠤᠨ ᠪᠡᠶ᠎ᠡ ᠪᠠᠨ ᠳᠠᠭᠠᠭᠠᠵᠦ ᠰᠤᠷᠤᠯᠴᠠᠬᠤ ᠵᠦ᠋ᠭ᠌ ᠬᠠᠨᠳ᠋ᠤᠭᠤᠯᠬᠤ ︔ ᠰᠤᠷᠤᠯᠴᠠᠬᠤ ᠤᠷᠴᠢᠨ ᠢ ᠨᠠᠮ ᠵᠢᠮ ᠪᠠᠢᠯᠭᠠᠵᠦ ᠪᠠᠢᠭᠰᠠᠨ ᠡᠴᠡ ᠬᠦᠭᠵᠢᠶᠡᠨᠲᠠᠢ ᠬᠦᠳ᠋ᠡᠯᠦᠩᠭᠦᠢ ᠪᠠᠢᠳ᠋ᠠᠯ ᠳ᠋ᠦ ᠤᠷᠤᠭᠤᠯᠬᠤ ︔ ᠦᠨ᠋ᠡᠯᠡᠯᠲᠡ ᠪᠠᠨ ᠬᠡᠰᠡᠭ᠌ ᠲᠠᠯ᠎ᠠ ᠡᠴᠡ ᠪᠦᠬᠦ ᠲᠠᠯ᠎ᠠ ᠶᠢᠨ ᠪᠤᠯᠭᠠᠬᠤ ︔ ᠬᠠᠷᠠᠯᠲᠠ ᠪᠠᠨ ᠰᠢᠯᠭᠠᠯᠲᠠ ᠶᠢ ᠠᠷᠭᠠᠴᠠᠵᠦ ᠪᠠᠢᠭᠰᠠᠨ ᠡᠴᠡ ᠨᠠᠰᠤᠨ ᠲᠤᠷᠰᠢᠲᠠ ᠶᠢᠨ ᠰᠤᠷᠤᠯᠴᠠᠯᠭ᠎ᠠ ᠳ᠋ᠦ ᠨᠢ ᠰᠠᠭᠤᠷᠢ ᠪᠤᠯᠬᠤ ᠵᠦ᠋ᠭ᠌  ᠦᠢᠯᠡᠴᠢᠯᠡᠬᠦᠯᠵᠤ ᠂  ᠰᠤᠷᠭᠠᠭᠤᠯᠢ ᠨᠢ ᠰᠢᠨ᠎ᠡ ᠬᠢᠴᠢᠶᠡᠯᠯᠡᠭᠡ ᠵᠢᠨ ᠦᠭᠡᠷᠡᠴᠢᠯᠡᠯᠲᠡ ᠶᠢᠨ ᠤᠨ᠋ᠤᠯᠵᠢᠭᠤᠨ ᠢ ᠬᠢᠴᠢᠶᠡᠯᠯᠡᠭᠡ ᠶᠢᠨ ᠲᠠᠩᠬᠢᠮ ᠤᠨ ᠵᠢᠭᠠᠨ ᠰᠤᠷᠭᠠᠯᠲᠠ ᠳ᠋ᠦ ᠦᠢᠯᠡᠳ᠋ᠤᠯᠭᠡᠵᠢᠭᠦᠯᠦᠨ ᠲᠤᠤᠱᠯᠠᠭᠤᠯᠵᠤ ᠂ ᠪᠠᠭᠰᠢ ᠶᠢᠨ ᠵᠢᠭᠠᠬᠤ ᠠᠷᠭ᠎ᠠ ᠪᠠ ᠰᠤᠷᠤᠭᠴᠢ ᠶᠢᠨ ᠰᠤᠷᠬᠤ ᠠᠷᠭ᠎ᠠ ᠶᠢ ᠦᠭᠡᠷᠡᠴᠢᠯᠡᠵᠦ ᠰᠢᠯᠢᠳ᠋ᠡᠭᠵᠢᠭᠦᠯᠦᠨ ᠬᠢᠴᠢᠶᠠᠯ ᠤᠨ ᠪᠠᠷᠢᠮᠵᠢᠶᠠᠨ ᠦ ᠱᠠᠭᠠᠷᠳ᠋ᠠᠯᠭ᠎ᠠ ᠳᠤ ᠬᠦᠷᠬᠦ ᠶᠢᠨ ᠲᠤᠯᠠᠳ᠋ᠠ 《 ᠵᠠᠭᠪᠤᠷ ᠢᠶᠡᠷ ᠬᠢᠴᠢᠶᠡᠯᠯᠡᠵᠤ ᠂ ᠵᠠᠮ ᠳᠤ ᠪᠡᠨ ᠤᠷᠤᠬᠤ 》ᠢ᠋ ᠵᠤᠷᠢᠨ << ᠳᠦ᠋ᠷᠪᠡᠨ ᠠᠯᠬᠤᠮ ᠤᠨ ᠰᠤᠷᠬᠤ ᠲᠦ᠋ᠰᠦᠯ >> ᠤ᠋ᠨ ᠵᠢᠭᠠᠨ ᠰᠤᠷᠭᠠᠯᠳ᠋ᠠ ᠶᠢᠨ ᠵᠠᠭᠪᠤᠷ ᠢ ᠬᠡᠷᠡᠭᠯᠡᠪᠡ ᠃ ᠳᠦ᠋ᠷᠪᠡᠨ ᠠᠯᠬᠤᠮ ᠭᠡᠳ᠋ᠡᠭ᠌ ᠨᠢ 《 ᠦᠪᠡᠷᠲᠡᠭᠡᠨ ᠰᠤᠷᠤᠯᠴᠠᠬᠤ ᠂ ᠰᠦ᠋ᠪᠡᠭᠴᠢᠯᠡᠨ ᠰᠤᠷᠤᠯᠴᠠᠬᠤ ᠂ ᠬᠠᠮᠵᠢᠯᠴᠠᠨ ᠰᠤᠷᠤᠯᠴᠠᠬᠤ ᠂ ᠦᠷᠭᠡᠳᠬᠡᠨ ᠰᠤᠷᠤᠯᠴᠠᠬᠤ 》ᠵᠢ ᠵᠢᠭᠠᠵᠦ ᠪᠤᠢ ᠃  2011ᠤᠨ ᠠ᠋ᠴᠠ 《 ᠲᠦ᠋ᠷᠪᠡᠨ ᠠᠯᠬᠤᠮᠳ᠋ᠤ ᠰᠤᠷᠬᠤ ᠲᠦ᠋ᠰᠤᠯ 》ᠢ᠋ ᠪᠠᠭᠰᠢ ᠪᠤᠯᠭᠠᠨ ᠂ ᠬᠢᠴᠢᠶᠠᠯ ᠪᠤᠯᠭᠠᠨ ᠳᠤ ᠲᠦ᠋ᠷᠢᠮᠵᠢᠬᠦᠯᠥᠨ ᠬᠡᠷᠡᠭᠯᠡᠬᠦ  ᠶᠢ ᠱᠠᠭᠠᠷᠳ᠋ᠠᠵᠤ ᠂ 《 ᠰᠤᠷᠤᠭᠴᠢ ᠪᠠᠷ ᠲᠦ᠋ᠪᠯᠡᠬᠦ 》 ᠵᠠᠷᠴᠢᠮ ᠢ ᠪᠠᠷᠢᠮᠳ᠋ᠠᠯᠠᠭᠰᠠᠨ ᠡᠰᠡᠭᠥ ᠂ ᠵᠠᠭᠪᠤᠷ ᠢ ᠥᠨᠳ᠋ᠤᠰᠤᠯᠠᠨ ᠭᠢᠴᠢᠶᠠᠯ ᠪᠡᠯᠡᠳᠭᠡᠵᠤ ᠤᠷᠤᠭᠰᠠᠨ ᠡᠰᠡᠭᠥ ᠂ ᠭᠤᠷᠮᠤᠰᠤᠨ ᠬᠠᠷᠠᠯᠳ᠋ᠠ ᠶᠢ ᠢᠯᠡᠷᠡᠭᠥᠯᠵᠤ ᠂ ᠰᠤᠷᠬᠤ ᠴᠢᠳ᠋ᠠᠪᠤᠷᠢ ᠶᠢ ᠬᠥᠮᠦᠵᠢᠭᠦᠯᠵᠦ  ᠴᠢᠳ᠋ᠠᠭᠰᠠᠨ ᠡᠰᠡᠭᠥ  ᠂ ᠰᠤᠷᠬᠤ ᠲᠦ᠋ᠰᠤᠯ ᠢᠶᠡᠨ ᠴᠢᠨ᠋ᠠᠷᠯᠢᠭ ᠲᠥ᠋ᠰᠤᠪᠯᠠᠭ᠍ᠰᠠᠨ ᠡᠰᠡᠭᠥ ᠂ ᠬᠢᠴᠢᠶᠡᠯᠯᠡᠭᠡ ᠳᠤ ᠭᠤᠷᠪᠠ ᠨᠢᠭᠡ ᠶᠢᠨ ᠴᠠᠭ ᠤᠨ ᠬᠠᠷᠢᠴᠠᠯ ᠢ ᠪᠠᠷᠢᠮᠳ᠋ᠠᠯᠠᠭᠰᠠᠨ ᠡᠰᠡᠬᠦ ( ᠪᠠᠭᠰᠢ ᠶᠢᠨ ᠲᠠᠢᠯᠪᠤᠷᠢᠯᠠᠯᠳ᠋ᠠ ᠂ ᠰᠤᠷᠤᠭᠴᠢ ᠶᠢᠨ ᠠᠵᠢᠯᠯᠠᠭᠠᠨ ᠂ ᠪᠠᠭᠰᠢ ᠰᠤᠷᠤᠭᠴᠢ ᠶᠢᠨ ᠬᠠᠮᠵᠢᠯᠴᠠᠭᠠᠨ ᠦ ᠬᠡᠷᠡᠭᠯᠡᠬᠦ ᠴᠠᠭ ᠤᠨ ᠬᠠᠷᠢᠴᠠᠯ 1:1:1 )  ᠪᠠᠷ ᠪᠠᠭᠰᠢ ᠶᠢᠨ ᠬᠢᠴᠢᠶᠡᠯᠯᠡᠭᠡ ᠶᠢ ᠦᠨ᠋ᠡᠯᠡᠬᠦ ᠲᠤᠰᠬᠠᠢ ᠪᠠᠷᠢᠮᠵᠢᠶ᠎ᠠ ᠪᠤᠯᠭᠠᠨ ᠬᠡᠷᠡᠭᠵᠢᠬᠦᠯᠪᠠ ᠃

2008 ᠤᠨ ᠳᠤ 《 ᠰᠤᠷᠭᠠᠨ ᠬᠦᠮᠦᠵᠢᠯ ᠤᠨ ᠦᠭᠡᠷᠡᠴᠢᠯᠡᠯᠳ᠋ᠠ ᠶᠢ ᠬᠦᠨᠵᠡᠭᠡᠢᠷᠡᠬᠦᠯᠵᠤ ᠂ ᠬᠡᠪ ᠴᠢᠨ᠋ᠠᠷ ᠤᠨ ᠰᠤᠷᠭᠠᠨ ᠬᠦᠮᠦᠵᠢᠯ ᠢ ᠪᠦᠬᠦ ᠲᠠᠯ᠎ᠠ ᠪᠠᠷ ᠠᠬᠢᠭᠤᠯᠬᠤ ᠲᠤᠬᠠᠢ ᠲᠤᠭᠳ᠋ᠠᠭᠠᠯ 》  ᠪᠠ 《  ᠰᠠᠭᠤᠷᠢ ᠰᠤᠷᠭᠠᠨ ᠬᠦᠮᠦᠵᠢᠯ ᠤᠨ ᠦᠭᠡᠷᠡᠴᠢᠯᠡᠯᠳ᠋ᠠ ᠬᠢᠭᠡᠳ ᠬᠦᠭᠵᠢᠯᠳ᠋ᠠ ᠶᠢᠨ ᠰᠢᠢᠳᠪᠤᠷᠢ 》ᠵᠢᠨ ᠵᠤᠷᠢᠭ ᠰᠠᠨ᠋ᠠᠭ᠎ᠠ ᠶᠢ ᠲᠤᠭᠤᠭᠰᠢᠯᠠᠭᠤᠯᠤᠨ ᠬᠡᠷᠡᠭᠵᠢᠬᠦᠯᠵᠤ ᠰᠤᠷᠭᠠᠭᠤᠯᠢ ᠶᠢᠨ ᠰᠤᠷᠭᠠᠨ ᠬᠦᠮᠦᠵᠢᠯ ᠂ ᠵᠢᠭᠠᠨ ᠰᠤᠷᠭᠠᠯᠳ᠋ᠠ ᠶᠢᠨ ᠬᠢᠷᠢ ᠲᠦ᠋ᠪᠰᠢᠨ ᠢ ᠲᠡᠭᠡᠭ᠍ᠰᠢᠯᠡᠬᠦᠯᠥᠨ ᠦᠨᠳ᠋ᠦᠷ ᠬᠡᠪ ᠴᠢᠨ᠋ᠠᠷ ᠪᠦᠬᠦᠢ ᠦᠨᠳ᠋ᠦᠰᠦᠳ᠋ᠡᠨ ᠦ ᠬᠤᠢᠴᠢ ᠦᠶ᠎ᠡ ᠶᠢ ᠬᠦᠮᠦᠵᠢᠬᠦᠯᠬᠦ ᠵᠤᠷᠢᠯᠭ᠎ᠠ ᠪᠦᠬᠦᠢ 《 ᠬᠢᠴᠢᠶᠠᠯ ᠤᠨ ᠲᠠᠩᠬᠢᠮ ᠤᠨ ᠵᠢᠭᠠᠨ ᠰᠤᠷᠭᠠᠯᠳ᠋ᠠ ᠶᠢᠨ ᠲᠦ᠋ᠰᠦᠪ 》ᠢ᠋ ᠲᠤᠭᠳ᠋ᠠᠭᠠᠨ ᠬᠡᠷᠡᠭᠵᠢᠬᠦᠯᠪᠠ ᠃ 

2008 ᠤᠨ ᠦ 9 ᠰᠠᠷ᠎ᠠ ᠳᠤ 《 ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠬᠢᠴᠢᠶᠠᠯ ᠤᠨ ᠲᠢᠩᠬᠢᠮ ᠤᠨ ᠵᠢᠭᠠᠨ ᠰᠤᠷᠭᠠᠯᠳ᠋ᠠ ᠶᠢᠨ ᠦᠭᠡᠷᠡᠴᠢᠯᠡᠯᠳ᠋ᠠ ᠶᠢᠨ ᠲᠦ᠋ᠰᠦᠪ 》ᠢ᠋ ᠨᠡᠢᠳ᠋ᠡᠯᠡᠪᠠ ᠃  ᠲᠠᠷᠤᠢ 《  ᠢᠳ᠋ᠡᠪᠬᠢᠳ᠋ᠠᠢ ᠤᠷᠤᠯᠴᠠᠭᠤᠯᠵᠤ ᠴᠢᠯᠦᠭᠡᠳ᠋ᠠᠢ ᠶᠠᠷᠢᠯᠴᠠᠭᠤᠯᠬᠤ ᠪᠠᠷ ᠭᠤᠤᠯᠯᠠᠭᠤᠯᠤᠭᠰᠠᠨ ᠵᠢᠭᠠᠨ ᠰᠤᠷᠭᠠᠬᠤ ᠬᠡᠪ ᠵᠠᠭᠪᠤᠷ 》ᠢ᠋ ᠬᠡᠷᠡᠭᠵᠢᠬᠦᠯᠤᠨ ᠂ 《 ᠤᠭᠳ᠋ᠤᠨ ᠰᠤᠷᠴᠤ ᠰᠤᠨ᠋ᠢᠷᠬᠠᠯᠳ᠋ᠠᠢ ᠡᠷᠬᠢᠯᠡᠬᠦ— ᠠᠰᠠᠭᠤᠳ᠋ᠠᠯ ᠢᠯᠡᠷᠡᠬᠦᠯᠵᠤ ᠠᠰᠠᠭᠤᠳ᠋ᠠᠯ ᠲᠤᠷᠠᠳᠬᠤ—ᠰᠤᠳ᠋ᠤᠯᠤᠨ ᠶᠠᠷᠢᠯᠴᠠᠵᠤ ᠤᠨ᠋ᠤᠴᠢ ᠲᠡᠢ ᠰᠢᠢᠳᠪᠤᠷᠢᠯᠡᠬᠦ 》  ᠬᠢᠴᠢᠶᠠᠯᠯᠡᠭᠡ ᠶᠢᠨ ᠪᠦᠳ᠋ᠦᠴᠠ ᠶᠢ ᠪᠤᠢ ᠪᠤᠯᠭᠠᠨ ᠂ ᠪᠠᠭᠰᠢ ᠰᠤᠷᠤᠭᠴᠢᠳ ᠤᠨ ᠵᠢᠭᠠᠬᠤ— ᠰᠤᠷᠬᠤ ᠤᠢᠯᠠᠭᠠᠭᠳ᠋ᠠᠬᠤᠨ ᠢ ᠦᠭᠡᠷᠡᠴᠢᠯᠡᠵᠤ ᠂  ᠰᠤᠷᠤᠭᠴᠢᠳ ᠢ ᠰᠤᠷᠤᠯᠴᠠᠯᠭ᠎ᠠ ᠶᠢᠨ ᠭᠤᠤᠯ ᠡᠵᠡᠨ ᠂ ᠭᠤᠤᠯ ᠴᠤᠭᠴᠠ ᠶᠢᠨ ᠪᠠᠢᠷᠢᠨ ᠳᠤ ᠤᠷᠤᠭᠤᠯᠤᠨ ᠬᠢᠴᠢᠶᠡᠯᠯᠡᠭᠡ ᠶᠢᠨ ᠲᠠᠩᠬᠢᠮ ᠤᠨ ᠵᠢᠭᠠᠨ ᠰᠤᠷᠭᠠᠯᠳ᠋ᠠ ᠶᠢᠨ ᠦᠷ᠎ᠠ ᠠᠰᠢᠭ ᠢ ᠲᠡᠭᠡᠭ᠍ᠰᠢᠯᠡᠬᠦᠯᠵᠤ ᠰᠤᠷᠤᠭᠴᠢᠳ ᠤᠨ ᠰᠤᠷᠤᠯᠴᠠᠬᠤ ᠬᠡᠯᠪᠡᠷᠢ ᠂ ᠰᠤᠷᠤᠯᠴᠠᠬᠤ ᠠᠷᠭ᠎ᠠ ᠶᠢ ᠤᠯᠠᠮ ᠨᠢᠭᠡ ᠠᠯᠬᠤᠮ ᠰᠢᠨᠵᠢᠡᠯᠬᠦ ᠤᠬᠠᠭᠠᠨᠴᠢ ᠪᠤᠯᠭᠠᠨ ᠨᠠᠰᠤᠨ ᠲᠤᠷᠰᠢᠳ᠋ᠠ ᠶᠢᠨ ᠰᠤᠷᠤᠯᠴᠠᠯᠭ᠎ᠠ ᠳᠤ ᠨᠢ ᠪᠠᠳ᠋ᠤ ᠰᠠᠭᠤᠷᠢ ᠲᠠᠯᠪᠢᠬᠤ ᠪᠠᠷ  ᠴᠢᠷᠮᠠᠢᠬᠤ ᠶᠢ ᠴᠢᠬᠤᠯᠠᠴᠢᠯᠠᠵᠠᠢ ᠃

2009 ᠤᠨ ᠦ 10 ᠰᠠᠷ᠎ᠠ ᠳ᠋ᠤ 《 ᠦᠪᠤᠷ ᠮᠤᠩᠭᠤᠯ ᠤᠨ ᠦᠪᠡᠷᠳ᠋ᠡᠭᠡᠨ ᠵᠠᠰᠠᠬᠤ ᠤᠷᠤᠨ ᠦ ᠡᠩ ᠤᠨ ᠲᠡᠭᠡᠳ᠋ᠤ ᠵᠡᠷᠭᠡ ᠶᠢᠨ ᠲᠤᠮᠳ᠋ᠠᠳ᠋ᠤ ᠰᠤᠷᠭᠠᠭᠤᠯᠢ ᠶᠢᠨ ᠬᠢᠴᠢᠶᠠᠯ ᠤᠨ ᠦᠭᠡᠷᠡᠴᠢᠯᠡᠯᠳ᠋ᠠ ᠶᠢᠨ ᠲᠦ᠋ᠰᠦᠪ 》ᠢ᠋  ᠰᠤᠷᠤᠯᠴᠠᠭᠤᠯᠬᠤ ᠠᠵᠢᠯᠯᠠᠭᠠᠨ ᠥᠷᠨ᠋ᠢᠭᠦᠯᠪᠡ ᠃

2009 ᠤᠨ ᠳᠤ ᠬᠢᠴᠢᠶᠠᠯ ᠤᠨ ᠦᠭᠡᠷᠡᠴᠢᠯᠡᠯᠳ᠋ᠠ ᠶᠢ ᠬᠦᠨᠵᠡᠭᠡᠢᠷᠡᠬᠦᠯᠵᠤ ᠪᠠᠢᠭ᠎ᠠ ᠪᠠᠢᠳ᠋ᠠᠯ ᠢ ᠤᠢᠯᠠᠭᠠᠬᠤ ᠶᠢᠨ ᠲᠤᠯᠠᠳ᠋ᠠ 9 ᠵᠢᠭᠠᠬᠤ ᠶᠢ ᠰᠤᠳ᠋ᠤᠯᠬᠤ ᠲᠤᠭᠤᠢᠯᠠᠩ ᠤᠨ11 ᠪᠠᠭᠰᠢ ᠪᠠᠷ ᠦᠵᠡᠬᠦᠯᠭᠡ ᠶᠢᠨ ᠬᠢᠴᠢᠶᠠᠯ ᠤᠷᠤᠭᠤᠯᠵᠤ ᠂ ᠬᠢᠴᠢᠶᠠᠯ ᠤᠨ ᠲᠤᠳ᠋ᠤᠷᠬᠠᠢᠯᠠᠯᠳ᠋ᠠ ᠬᠢᠯᠭᠡᠨ ᠂ ᠡᠯ᠎ᠠ  ᠵᠢᠭᠠᠬᠤ ᠶᠢ ᠰᠤᠳ᠋ᠤᠯᠬᠤ ᠲᠤᠭᠤᠢᠯᠠᠩ ᠤᠨ ᠪᠠᠭᠰᠢ ᠨᠠᠷ ᠢᠶᠡᠷ ᠬᠢᠴᠢᠶᠡᠯᠯᠡᠭᠡ ᠶᠢᠨ ᠦᠨ᠋ᠡᠯᠡᠯᠳ᠋ᠠ ᠬᠢᠯᠬᠡᠪᠠ ᠃

2010 ᠤᠨ ᠳᠤ ᠲᠡᠭᠡᠳ᠋ᠤ ᠵᠡᠷᠭᠡ ᠶᠢᠨ ᠲᠤᠮᠳ᠋ᠠᠳ᠋ᠤ ᠰᠤᠷᠭᠠᠭᠤᠯᠢ ᠶᠢᠨ ᠬᠢᠴᠢᠶᠠᠯ ᠤᠨ ᠦᠭᠡᠷᠡᠴᠢᠯᠡᠯᠳ᠋ᠠ ᠶᠢ ᠪᠦᠬᠦ ᠲᠠᠯ᠎ᠠ ᠪᠠᠷ ᠠᠬᠢᠭᠤᠯᠵᠤ ᠪᠠᠭᠰᠢ ᠨᠠᠷ ᠤᠨ ᠲᠤᠬᠠᠢᠯᠠᠭᠰᠠᠨ ᠠᠵᠢᠯ ᠶᠢᠨ ᠬᠡᠪ ᠴᠢᠨ᠋ᠠᠷ ᠪᠠ ᠵᠢᠭᠠᠨ ᠰᠤᠷᠭᠠᠯᠳ᠋ᠠ ᠶᠢᠨ ᠶᠠᠰᠤ ᠴᠢᠨ᠋ᠠᠷ ᠢ ᠲᠡᠭᠡᠭ᠍ᠰᠢᠯᠡᠬᠦᠯᠬᠦ ᠵᠤᠷᠢᠯᠭ᠎ᠠ ᠪᠠᠷ ᠤᠷᠤᠨ ᠦ ᠵᠢᠭᠠᠬᠤ ᠶᠢ ᠰᠤᠳ᠋ᠤᠯᠬᠤ ᠲᠦ᠋ᠪ ᠤᠨ ᠪᠢᠯᠢᠭ᠍ᠳ᠋ᠤ ᠪᠠᠭᠰᠢ ᠂ ᠬᠤᠳ᠋ᠠ ᠶᠢᠨ ᠵᠢᠭᠠᠬᠤ ᠶᠢ ᠰᠤᠳ᠋ᠤᠯᠬᠤ ᠲᠦ᠋ᠪ ᠤᠨ ᠪᠠᠭᠠᠨ᠎ᠠ ᠪᠠᠭᠰᠢ ᠶᠢ ᠤᠷᠢᠵᠤ ᠬᠢᠴᠢᠶᠠᠯ ᠰᠤᠨ᠋ᠤᠰᠤᠭᠤᠯᠤᠨ ᠬᠢᠴᠢᠶᠠᠯ ᠤᠨ ᠪᠠᠷᠢᠮᠵᠢᠶ᠎ᠠ ᠂ ᠰᠢᠨ᠎ᠠ ᠵᠢᠭᠠᠬᠤ ᠶᠢ ᠰᠤᠳ᠋ᠤᠯᠬᠤ ᠮᠠᠲ᠋ᠸᠷᠢᠶᠠᠯ ᠂ ᠲᠢᠩᠬᠢᠮ ᠤᠨ ᠬᠢᠴᠢᠶᠡᠯᠯᠡᠭᠡ ᠶᠢᠨ ᠱᠠᠭᠠᠷᠳ᠋ᠠᠯᠭ᠎ᠠ ᠵᠡᠷᠭᠡ ᠶᠢ ᠲᠠᠢᠯᠪᠤᠷᠢᠯᠠᠭᠤᠯᠪᠠ ᠃

2011 ᠤᠨ ᠳᠤ  《 ᠲᠦ᠋ᠷᠪᠡᠨ ᠠᠯᠬᠤᠮᠳ᠋ᠤ ᠰᠤᠷᠬᠤ ᠲᠦ᠋ᠰᠤᠯ 》ᠤ᠋ᠨ ᠵᠠᠭᠪᠤᠷ ᠢᠶᠡᠷ ᠬᠢᠴᠢᠶᠡᠯᠯᠡᠬᠦ ᠶᠢ ᠱᠠᠭᠠᠷᠳ᠋ᠠᠪᠠ ᠃

2012 ᠤᠨ ᠠ᠋ᠴᠠ ᠡᠬᠢᠯᠡᠨ ᠰᠤᠷᠤᠭᠴᠢ ᠶᠢᠨ ᠲᠠᠰᠬᠠᠯ ᠢ 《  ᠬᠢᠴᠢᠶᠠᠯ ᠤᠨ ᠴᠠᠭ ᠲᠣ ᠬᠦᠢᠴᠡᠳᠭᠡᠬᠦ ᠲᠠᠰᠬᠠᠯ 》  ᠪᠠ 《 ᠬᠢᠴᠢᠶᠠᠯ ᠤᠨ ᠭᠠᠳ᠋ᠠᠨ᠎ᠠ ᠬᠦᠢᠴᠡᠳᠭᠡᠬᠦ ᠲᠠᠰᠬᠠᠯ 》  ᠪᠤᠯᠭᠠᠨ ᠬᠦᠢᠴᠡᠳᠭᠡᠬᠦ ᠶᠢ ᠱᠠᠭᠠᠷᠳ᠋ᠠᠪᠠ ᠃

2013 ᠤᠨ ᠠ᠋ᠴᠠ 《 ᠰᠤᠩᠭᠤᠳ᠋ᠠᠭ ᠲᠠᠢᠯᠤᠮᠵᠢ ᠂ ᠴᠢᠨ᠋ᠠᠷᠯᠢᠭ ᠪᠤᠯᠪᠠᠰᠤᠷᠠᠯ ᠂ ᠢᠳ᠋ᠡᠪᠬᠢᠳ᠋ᠤ ᠤᠷᠤᠯᠴᠠᠯᠭ᠎ᠠ 》  ᠬᠡᠬᠦ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠳ᠋ᠠ ᠶᠢᠨ ᠱᠠᠭᠠᠷᠳ᠋ᠠᠯᠭ᠎ᠠ ᠶᠢ ᠲᠤᠭᠳ᠋ᠠᠭᠠᠨ ᠬᠡᠷᠡᠭᠵᠢᠬᠦᠯᠪᠠ ᠃

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ
ᠳᠠᠷᠠᠭᠠᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号