123456 0476-6223398
ᠨᠠᠮ ᠡᠪᠯᠡᠯᠰᠤᠷᠤᠯᠴᠠᠯᠭ᠎ᠠ ᠪᠣᠯᠪᠠᠰᠤᠷᠠᠯ
ᠪᠦᠭᠦ ᠨᠠᠮ ᠤᠨ ᠭᠡᠰᠢᠭᠦᠳ ᠤᠨ ᠬᠣᠷᠠᠯ ᠬᠤᠷᠠᠯᠳ᠋ᠤᠪᠠ
2016.08.19 ᠲᠣᠰ ᠥᠷᠲᠡᠭᠡᠨ ᠦ ᠨᠠᠢᠷᠠᠭᠤᠯᠤᠭᠴᠢ

ᠮᠡᠳᠡᠭᠡ ᠨᠢᠭᠡ

2015  ᠣᠨ ᠤ11 ᠰᠠᠷ᠎ᠠ ᠶᠢᠨ 21 ᠦ ᠡᠳ᠋ᠣᠷ ᠤᠨ ᠦᠳ᠋ᠡ ᠶᠢᠨ ᠬᠣᠢᠨ᠎ᠠ ᠰᠣᠷᠭᠠᠭᠣᠯᠢ ᠶᠢᠨ ᠪᠦᠭᠦ ᠨᠠᠮ ᠤᠨ ᠭᠡᠰᠢᠭᠦᠳ ᠤᠨ ᠬᠣᠷᠠᠯ ᠬᠢᠪᠡ ᠃ ᠬᠣᠷᠠᠯ ᠢ ᠨᠠᠮ ᠤᠨ ᠡᠭᠦᠷ ᠤᠨ ᠳᠡᠳ᠋  ᠱᠦ᠋ᠵᠢ ᠥᠯᠵᠡᠢᠨ᠋ᠠᠷᠡᠨ ᠡᠷᠬᠢᠯᠠᠵᠣ ᠂ ᠰᠣᠷᠭᠠᠭᠣᠯᠢ ᠶᠢᠨ ᠨᠠᠮ ᠤᠨ ᠡᠭᠦᠷ ᠤᠨ  ᠱᠥ᠋ᠵᠢ᠂ ᠵᠠᠬᠢᠷᠣᠯ ᠰᠸᠸᠠᠩ ᠴᠢᠬᠣᠯᠠ ᠶᠠᠷᠢᠶ᠎ᠠ ᠳᠠᠯᠪᠢᠪᠠ ᠃

ᠬᠣᠷᠠᠯ ᠳᠡᠭᠡᠷ᠎ᠡ ᠬᠣᠰᠢᠭᠣᠨ ᠦ ᠵᠣᠬᠢᠶᠠᠨ ᠪᠠᠢᠭᠣᠯᠬᠣ ᠭᠡᠯᠳ᠋ᠡᠰ ᠤᠨ  ᠪᠢᠴᠢᠭ᠌ ᠮᠡᠲ᠋ᠸᠷᠢᠶᠠᠯ ᠢ ᠳᠠᠮᠵᠢᠭᠣᠯᠣᠭᠰᠠᠨ ᠪᠦᠭᠡᠳ ᠨᠠᠮ ᠤᠨ ᠳᠠᠪᠣᠳ᠋ᠣᠭᠠᠷ ᠪᠦᠭᠦᠳ᠋ᠡ ᠬᠣᠷᠠᠯ ᠤᠨ ᠪᠢᠴᠢᠭ᠌ ᠮᠠᠲ᠋ᠸᠷᠢᠶᠠᠯ ᠢ ᠰᠣᠷᠣᠯᠴᠠᠭᠰᠠᠨ ᠪᠠᠢᠨ᠎ᠠ ᠃

ᠵᠠᠬᠢᠷᠣᠯ ᠰᠸᠸᠠᠩ ᠠ᠋ᠴᠠ ᠪᠦᠭᠦ ᠨᠠᠮ ᠤᠨ ᠭᠡᠰᠢᠭᠦᠳ ᠢ ᠰᠢ ᠵᠢᠨ ᠫᠢᠩ ᠨᠦ᠋ᠭᠦᠷ ᠤᠨ ᠰᠢᠷᠢᠰ ᠶᠠᠷᠢᠶ᠎ᠠ ᠶᠢ ᠰᠠᠢᠳ᠋ᠣᠷ ᠰᠣᠷᠣᠯᠴᠠᠨ ᠵᠢᠭᠠᠨ ᠰᠣᠷᠭᠠᠬᠣ ᠪᠠ ᠰᠣᠷᠭᠠᠨ ᠭᠦᠮᠣᠵᠢᠭᠦᠯᠭᠦ ᠠᠵᠢᠯ ᠳ᠋ᠤ ᠳᠠᠭᠠᠭᠣᠯᠣᠭᠴᠢ ᠪᠠ ᠳᠣᠯᠣᠭᠠᠢᠯᠠᠭᠴᠢ ᠶᠢᠨ ᠦᠢᠯᠡᠳ᠋ᠣᠯ ᠢᠶᠡᠨ ᠪᠠᠳ᠋ᠠᠷᠠᠭᠣᠯᠵᠣ ᠪᠦᠭᠦ ᠪᠠᠭᠰᠢ ᠰᠣᠷᠣᠭᠴᠢᠳ  ᠲᠦ ᠵᠢᠱᠢᠶᠡᠴᠢ ᠳᠠᠭᠣᠷᠢᠶᠠᠯ ᠤᠨ ᠦᠢᠯᠡᠳ᠋ᠣᠯ ᠦᠵᠡᠭᠦᠯᠭᠦ ᠭᠡᠷᠡᠭ᠍ᠳ᠋ᠡᠢ ᠭᠡᠵᠣ ᠣᠷᠢᠶᠠᠯᠠᠪᠠ ᠃

 

ᠮᠡᠳᠡᠭᠡ ᠬᠤᠶᠠᠷ

2015  ᠣᠨ ᠦ 12 ᠰᠠᠷ᠎ᠠ ᠶᠢᠨ 9 ᠦ ᠡᠳ᠋ᠣᠷ ᠪᠠᠭ᠎ᠠ ᠬᠣᠷᠠᠯ ᠤᠨ ᠭᠡᠷ  ᠲᠦ  ᠪᠦᠭᠦ ᠨᠠᠮ ᠤᠨ ᠭᠡᠰᠢᠭᠦᠳ ᠤᠨ ᠬᠣᠷᠠᠯ ᠬᠢᠪᠠ ᠃ ᠬᠣᠷᠠᠯ ᠢ ᠨᠠᠮ ᠤᠨ ᠡᠭᠦᠷ ᠤᠨ ᠳᠡᠳ᠋ ᠱᠦ᠋ᠵᠢ ᠰ· ᠦᠯᠵᠡᠢᠨ᠋ᠡᠷᠡᠨ ᠡᠷᠬᠢᠯᠡᠪᠡ ᠃

1. ᠬᠣᠷᠠᠯ ᠳ᠋ᠤ ᠳ᠋ᠠᠪᠠᠨ ᠦ ᠨᠢᠭᠡᠳ᠋ᠣᠭᠡᠷ ᠳᠣᠮᠳ᠋ᠠᠳ᠋ᠣ ᠰᠣᠷᠭᠠᠭᠣᠯᠢ ᠶᠢᠨ ᠨᠠᠮ ᠤᠨ ᠡᠭᠦᠷ ᠤᠨ ᠭᠡᠰᠢᠭᠦᠳ ᠢ ᠨᠦ᠋ᠬᠦᠵᠦ ᠰᠣᠩᠭᠣᠭᠰᠠᠨ ᠳᠣᠭᠳ᠋ᠠᠭᠠᠯ ᠢ ᠨᠠᠢᠳ᠋ᠠᠯᠠᠵᠠᠢ ᠃

2. ᠪᠦᠭᠦ ᠨᠠᠮ ᠤᠨ ᠭᠡᠰᠢᠭᠦᠳ  ᠠᠯᠲᠠᠨᠸᠴᠢᠷᠨᠦ᠋ᠭᠦᠷ ᠪᠠ ᠭᠦᠬᠡᠮᠦ᠋ᠷᠡᠨ ᠨᠦ᠋ᠭᠦᠷ ᠢ ᠨᠠᠮ ᠤᠨ ᠡᠭᠦᠷ ᠤᠨ ᠭᠡᠰᠢᠭᠦᠨ ᠢᠶᠡᠷ ᠰᠠᠨ᠋ᠠᠯ ᠨᠢᠭᠡ ᠳᠠᠢ ᠪᠠᠷ ᠵᠦ᠋ᠪᠰᠢᠶᠡᠷᠡᠭ᠍ᠰᠡᠨ ᠪᠠᠢᠨ᠎ᠠ ᠃

3. ᠬᠣᠷᠠᠯ ᠳ᠋ᠤ ᠨᠠᠮ ᠤᠨ ᠭᠡᠰᠢᠭᠦᠳ ᠬᠠᠷᠢᠯᠴᠠᠨ ᠥᠨ᠋ᠡᠯᠡᠯᠲᠡ ᠦᠭᠴᠣ ᠨᠢᠬᠡ ᠵᠢᠯ ᠤᠨ ᠳᠣᠷᠰᠢᠭᠢ ᠠᠵᠢᠯ  ᠰᠤᠷᠤᠯᠴᠠᠯᠭ᠎ᠠ ᠪᠠᠨ ᠡᠷᠬᠢᠴᠡᠭᠦᠯᠣᠨ  ᠳ᠋ᠥ᠋ᠩᠨ᠋ᠡᠵᠡᠢ ᠃

4. ᠰᠣᠷᠭᠠᠭᠣᠯᠢ ᠶᠢᠨ ᠨᠠᠮ ᠤᠨ ᠡᠭᠦᠷ ᠤᠨ ᠱᠦ᠋ᠵᠢ ᠂ ᠵᠠᠬᠢᠷᠣᠯ ᠰᠸᠸᠠᠩ ᠠ᠋ᠴᠠ ᠨᠠᠮ ᠤᠨ ᠭᠡᠰᠢᠭᠦᠳ ᠲᠦ ᠬᠣᠢᠰᠢᠳ᠋ᠠ ᠶᠢᠨ ᠠᠵᠢᠯ ᠤᠨ ᠳᠣᠬᠠᠢ ᠰᠠᠨ᠋ᠠᠭᠣᠯᠭ᠎ᠠ ᠱᠠᠭᠠᠷᠳ᠋ᠠᠯᠭ᠎ᠠ ᠳᠠᠯᠪᠢᠭᠰᠠᠨ ᠪᠠᠢᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号