123456 0476-6223398
ᠰᠣᠨᠢᠨ ᠮᠡᠳᠡᠭᠡ
ᠠᠷᠪᠠᠳ᠋ᠠᠬᠢ 《 ᠪᠢᠯᠢᠭ᠌ ᠤᠨ ᠬᠤᠷᠤᠢ 》 ᠤᠷᠠᠨ ᠲᠤᠳ᠋ᠤ ᠤᠩᠰᠢᠯᠭ᠎ᠠ ᠶᠢᠨ ᠤᠷᠤᠯᠳ᠋ᠤᠭᠠᠨ ᠪᠤᠯᠵᠤ ᠦᠩᠭᠡᠷᠡᠯ᠎ᠡ
2016.08.18 ᠲᠣᠰ ᠥᠷᠲᠡᠭᠡᠨ ᠦ ᠨᠠᠢᠷᠠᠭᠤᠯᠤᠭᠴᠢ

ᠠᠷᠪᠠᠳ᠋ᠠᠬᠢ 《 ᠪᠢᠯᠢᠭ᠌ ᠤᠨ ᠬᠤᠷᠤᠢ 》‍᠎ ᠤᠷᠠᠨ ᠲᠤᠳ᠋ᠤ ᠤᠩᠰᠢᠯᠭ᠎ᠠ ᠶᠢᠨ ᠤᠷᠤᠯᠳ᠋ᠤᠭᠠᠨ ᠪᠤᠯᠵᠤ ᠦᠩᠭᠡᠷᠡᠯ᠎ᠡ

ᠬᠡᠯᠡᠨ ᠦ ᠵᠢᠭᠠᠬᠣ ᠶᠢ ᠰᠣᠳ᠋ᠣᠯᠬᠣ ᠳᠣᠭᠣᠢᠯᠠᠩ ᠤᠨ ᠮᠡᠳ᠋ᠡᠭᠡ  6᠎ ᠰᠠᠷ᠎ᠠ ᠶᠢᠨ 29᠎ ᠤ᠋ ᠡᠳ᠋ᠦᠷ ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠠᠷᠪᠠᠳ᠋ᠠᠬᠢ 《 ᠪᠢᠯᠢᠭ᠌ ᠤᠨ ᠬᠤᠷᠤᠢ 》‍᠎ ᠤᠷᠠᠨ ᠲᠤᠳ᠋ᠤ ᠤᠩᠰᠢᠯᠭ᠎ᠠ ᠶᠢᠨ ᠤᠷᠤᠯᠳ᠋ᠤᠭᠠᠨ ᠱᠠᠳ᠋ᠣᠯᠢᠭ ᠬᠢᠴᠢᠶᠡᠯ ᠤᠨ ᠭᠡᠷ ᠲᠣ ᠶᠠᠪᠣᠭᠳ᠋ᠠᠪᠠ ᠃ ᠳᠣᠰ ᠣᠳ᠋ᠠᠭᠠᠨ ᠦ ᠣᠷᠣᠯᠳ᠋ᠣᠭᠠᠨ ᠨᠢ ᠡᠪ ᠬᠠᠮᠳ᠋ᠤ ᠨᠠᠮ ᠪᠠᠢᠭᠤᠯᠤᠭᠳ᠋ᠠᠭᠰᠡᠨ 95᠎ ᠵᠢᠯ ᠤᠨ ᠤᠢ ᠶᠢ ᠲᠤᠬᠢᠶᠠᠨ ᠶᠠᠪᠤᠭᠳ᠋ᠠᠭᠰᠡᠨ ᠤᠭ ᠨᠠᠭᠠᠳ᠋ᠤᠮ ᠮᠤᠩᠭᠤᠯ ᠬᠡᠤᠬᠡᠳ ᠤᠨ ᠰᠦ᠋ᠷ ᠰᠦ᠋ᠯᠳ᠋ᠠ ᠂ ᠤᠶᠤᠨ ᠤᠬᠠᠭ᠎ᠠ ᠂ ᠠᠪᠢᠶᠠᠰ ᠪᠢᠯᠢᠭ᠌ ᠢ ᠰᠤᠷᠢᠵᠤ ᠂ ᠪᠠᠷᠢᠮᠵᠢᠶ᠎ᠠ ᠵᠦ᠋ᠪ ᠤᠩᠰᠢᠯᠭ᠎ᠠ ᠶᠢ ᠰᠤᠷᠢᠨ ᠰᠢᠯᠭᠠᠬᠤ ᠵᠤᠷᠢᠯᠭ᠎ᠠ ᠲᠡᠢ ᠶᠠᠪᠤᠭᠳ᠋ᠠᠭᠰᠡᠨ ᠢ ᠲᠤᠳ᠋ᠤᠷᠠᠭᠤᠯᠵᠤ ᠂ 29᠎ ᠤᠷᠤᠯᠳ᠋ᠤᠭᠴᠢ ᠠᠩᠬᠢ ᠨᠢᠭᠡᠴᠢ ᠪᠠᠨ ᠲᠦ᠋ᠯᠦᠭᠡᠯᠡᠨ ᠪᠡᠯᠡᠳᠭᠡᠯ ᠱᠠᠳ᠋ᠤᠨ ᠳ᠋ᠤ ᠤᠷᠤᠯᠳ᠋ᠤᠭᠰᠡᠨ ᠢᠶᠡᠨ 20᠎ ᠠᠪᠢᠶᠠᠰᠳ᠋ᠠᠨ ᠢ ᠦᠯᠡᠳ᠋ᠡᠭᠡᠵᠤ ᠰᠢᠢᠳᠪᠤᠷᠢᠳ᠋ᠤ ᠤᠷᠤᠯᠳ᠋ᠤᠭᠠᠨ ᠳ᠋ᠤ ᠤᠷᠤᠯᠳ᠋ᠤᠭᠤᠯᠵᠠᠢ ᠃

ᠬᠢᠨ᠋ᠠᠭᠴᠢ ᠶᠢᠨ ᠰᠠᠭᠤᠳ᠋ᠠᠯ ᠳ᠋ᠤ ᠲᠤᠮᠳ᠋ᠠᠳ᠋ᠤ ᠰᠤᠷᠭᠠᠭᠤᠯᠢ ᠶᠢᠨ ᠬᠡᠯᠡ ᠪᠢᠴᠢᠭ᠌ ᠤᠨ ᠤᠨᠴᠠ ᠲᠡᠰ ᠤᠨ ᠪᠠᠭᠰᠢ ᠂ ᠰᠤᠷᠭᠠᠭᠤᠯᠢ ᠶᠢᠨ ᠲᠡᠳ᠋ ᠵᠠᠬᠢᠷᠤᠯ ᠰ ᠂ ᠭᠡᠷᠡᠯ ᠤᠨᠴᠠ ᠤᠷᠢᠭᠰᠠᠨ ᠬᠢᠨ᠋ᠠᠭᠴᠢ ᠪᠠᠷ ᠂ 《 ᠰᠤᠯᠤᠩᠭ᠎ᠠ 》‍᠎ ᠱᠠᠩᠨ᠋ᠠᠯᠳ᠋ᠤ ᠢᠷᠠᠭᠤ ᠨᠠᠢᠷᠠᠭᠴᠢ ᠂ ᠦᠪᠡᠷᠳ᠋ᠡᠭᠡᠨ ᠵᠠᠰᠠᠬᠤ ᠤᠷᠤᠨ ᠦ ᠬᠡᠯᠡ ᠪᠢᠴᠢᠭ᠌ ᠤᠨ ᠵᠢᠭᠠᠨ ᠰᠤᠷᠭᠠᠬᠤ ᠴᠢᠳ᠋ᠠᠪᠤᠷᠢᠳ᠋ᠠᠨ ᠂ ᠬᠢᠴᠢᠶᠡᠯ ᠲᠦ᠋ᠷᠦᠯ ᠤᠨ ᠲᠠᠭᠠᠭᠤᠯᠤᠭᠴᠢ ᠰᠸ ᠂ ᠬᠠᠰᠦ᠌ᠯᠵᠡᠢ ᠂ ᠲᠤᠮᠳ᠋ᠠᠳ᠋ᠤ ᠰᠤᠷᠭᠠᠭᠤᠯᠢ ᠶᠢᠨ ᠬᠡᠯᠡ ᠪᠢᠴᠢᠭ᠌ ᠤᠨ ᠲᠡᠭᠡᠳ᠋ᠦ ᠲᠡᠰ ᠤᠨ ᠪᠠᠭᠰᠢ ᠂ ᠦᠪᠡᠷᠳ᠋ᠡᠭᠡᠨ ᠵᠠᠰᠠᠬᠤ ᠤᠷᠤᠨ ᠦ ᠨᠡᠷᠡᠳ᠋ᠤ ᠪᠠᠭᠰᠢ ᠰ ᠂ ᠦᠯᠵᠡᠢᠨ᠋ᠠᠷᠠᠨ ᠂ ᠦᠪᠡᠷᠳ᠋ᠡᠭᠡᠨ ᠵᠠᠰᠠᠬᠤ ᠤᠷᠤᠨ ᠦ ᠨᠠᠷᠠᠳ᠋ᠤ ᠪᠠᠭᠰᠢ ᠂ ᠭᠠᠷᠮᠠᠭᠠᠢ ᠵᠢᠭᠠᠨ ᠰᠤᠷᠭᠠᠭᠴᠢ ᠲᠦ᠋ᠷᠭᠡᠨᠪᠠᠶᠠᠷ ᠂ ᠲᠤᠮᠳ᠋ᠠᠳ᠋ᠤ ᠰᠤᠷᠭᠠᠭᠤᠯᠢ ᠶᠢᠨ ᠬᠡᠯᠡ ᠪᠢᠴᠢᠭ᠌ ᠤᠨ ᠲᠡᠭᠡᠳ᠋ᠦ ᠲᠡᠰ ᠤᠨ ᠪᠠᠭᠰᠢ ᠂ ᠪᠠᠭᠠᠷᠢᠨ ᠪᠠᠷᠠᠭᠤᠨ ᠬᠤᠰᠢᠭᠤᠨ ᠦ ᠤᠷᠠᠨ ᠪᠢᠴᠢᠯᠭᠡᠳ᠋ᠡᠳ ᠤᠨ ᠨᠡᠢᠭᠡᠮᠯᠢᠭ᠌ ᠤᠨ ᠲᠡᠷᠢᠭᠦᠯᠡᠭᠴᠢ ᠂ ᠤᠷᠠᠨ ᠪᠢᠴᠢᠯᠭᠡᠳ᠋ᠡᠨ ᠪᠢᠯᠢᠭ᠍ᠳ᠋ᠤ ᠂ ᠲᠤᠮᠳ᠋ᠠᠳ᠋ᠤ ᠰᠤᠷᠭᠠᠭᠤᠯᠢ ᠶᠢᠨ ᠬᠡᠯᠡ ᠪᠢᠴᠢᠭ᠌ ᠤᠨ ᠲᠡᠭᠡᠳ᠋ᠦ ᠲᠡᠰ ᠤᠨ ᠪᠠᠭᠰᠢ ᠂ ᠤᠯᠠᠭᠠᠨᠬᠠᠳ᠋ᠠ ᠬᠤᠳ᠋ᠠ ᠶᠢᠨ ᠬᠡᠯᠡ ᠪᠢᠴᠢᠭ᠌ ᠤᠨ ᠬᠢᠴᠢᠶᠡᠯ ᠲᠦ᠋ᠷᠦᠯ ᠤᠨ ᠲᠠᠭᠠᠭᠤᠯᠤᠭᠴᠢ ᠂ ᠬᠢᠴᠢᠶᠡᠯ ᠬᠦᠮᠦᠵᠢᠯ ᠤᠨ ᠭᠠᠵᠠᠷ ᠤᠨ ᠡᠷᠬᠢᠯᠡᠭᠴᠢ ᠴᠤᠯᠮᠤᠨ ᠂ ᠲᠤᠮᠳ᠋ᠠᠳ᠋ᠤ ᠰᠤᠷᠭᠠᠭᠤᠯᠢ ᠶᠢᠨ ᠬᠡᠯᠡ ᠪᠢᠴᠢᠭ᠌ ᠤᠨ ᠲᠡᠭᠡᠳ᠋ᠦ ᠲᠡᠰ ᠤᠨ ᠪᠠᠭᠰᠢ ᠂ ᠤᠷᠠᠨ ᠵᠤᠬᠢᠶᠠᠯᠴᠢ ᠂ 《 ᠲᠠᠯ᠎ᠠ ᠶᠢᠨ ᠢᠷᠭᠤᠢ 》‍᠎ ᠰᠡᠳᠬᠦᠯ ᠤᠨ ᠨᠠᠢᠷᠠᠭᠤᠯᠤᠭᠴᠢ ᠲ ᠂ ᠵᠢᠷᠢᠮ ᠂ ᠵᠠᠯᠠᠭᠤ ᠪᠠᠭᠰᠢ ᠭᠡᠭᠡᠨᠰᠠᠷᠠ ᠂ ᠠᠷᠢᠭᠤᠨᠬᠦᠰᠡᠯ ᠨᠠᠷ ᠰᠠᠭᠠᠳ᠋ᠠᠵᠤ ᠂ ᠵᠦ᠋ᠪ ᠤᠩᠰᠢᠯᠭ᠎ᠠ ᠶᠢᠨ ᠬᠢᠨ᠋ᠠᠭᠴᠢ ᠪᠠᠷ ᠲᠤᠮᠳ᠋ᠠᠳ᠋ᠤ ᠰᠤᠷᠭᠠᠭᠤᠯᠢ ᠶᠢᠨ ᠬᠡᠯᠡ ᠪᠢᠴᠢᠭ᠌ ᠤᠨ ᠲᠡᠭᠡᠳ᠋ᠦ ᠲᠡᠰ ᠤᠨ ᠪᠠᠭᠰᠢ  ᠂ ᠬᠡᠯᠡ ᠪᠢᠴᠢᠭ᠌ ᠤᠨ ᠲᠤᠭᠤᠢᠯᠠᠩ ᠤᠨ ᠲᠠᠷᠤᠭ᠎ᠠ ᠪᠢᠯᠢᠭᠦᠨᠳ᠋ᠠᠯᠠᠢ ᠂ ᠤᠷᠠᠨ ᠵᠤᠬᠢᠶᠠᠯ ᠤᠨ ᠤᠬᠠᠭᠠᠨ ᠦ ᠮᠠᠭᠢᠰᠲ᠋ᠸᠷ ᠂ ᠵᠠᠯᠠᠭᠤ ᠪᠠᠭᠰᠢ ᠰ ᠂ ᠤᠯᠠᠭᠠᠨᠳ᠋ᠤᠶᠠᠭ᠎ᠠ ᠨᠠᠷ ᠰᠠᠭᠠᠳ᠋ᠠᠵᠤ ᠂ ᠲᠦ᠋ᠪ ᠭᠤᠤᠯᠴᠢ ᠂ ᠬᠢᠨ᠋ᠠᠮᠠᠭᠠᠢ ᠬᠢᠨ᠋ᠠᠭᠰᠡᠨ ᠭᠡᠳ᠋ᠡᠭ᠌ ᠢᠶᠠᠷ ᠢᠶᠡᠨ ᠤᠨᠴᠠᠯᠢᠭᠳ᠋ᠠᠵᠤ ᠪᠠᠢᠯ᠎ᠠ ᠃

ᠤᠷᠤᠯᠳ᠋ᠤᠭᠠᠨ ᠦ ᠳ᠋ᠦ᠋ᠩ ᠳ᠋ᠤ ᠂ ᠲᠡᠭᠡᠳ᠋ᠦ ᠨᠢᠭᠡ ᠶᠢᠨ ᠶᠢᠰᠦ ᠶᠢᠨ ᠰᠤᠷᠤᠨ᠎ᠠ 《 ᠲᠡᠭ᠍ᠷᠢ ᠰᠢᠭ᠌ ᠪᠠᠢ 》‍᠎ ᠪᠦᠳ᠋ᠦᠭᠡᠯ ᠢ ᠬᠤᠷᠴᠠ ᠲᠤᠳ᠋ᠤ ᠂ ᠵᠤᠭᠰᠤᠯᠳ᠋ᠠ ᠪᠠᠳ᠋ᠤ ᠂ ᠰᠡᠳᠬᠢᠯᠭᠡ ᠬᠦᠨ ᠂ ᠤᠩᠰᠢᠯᠭ᠎ᠠ ᠤᠷᠤᠰᠤᠮ᠎ᠠ ᠂ ᠲᠡᠭᠡᠳ᠋ᠦ ᠨᠢᠭᠡ ᠶᠢᠨ ᠨᠢᠭᠡ ᠶᠢᠨ ᠠᠯᠤᠰ 《  ᠵᠠᠮᠤᠬ᠎ᠠ ᠶᠢᠨ ᠦᠴᠢᠯ 》‍᠎ ᠪᠦᠳ᠋ᠦᠭᠡᠯ ᠢ ᠢᠳ᠋ᠡᠷᠡᠭᠦᠨ ᠤᠩᠰᠢᠭᠰᠠᠨ ᠢᠶᠡᠷ ᠨᠢᠭᠡᠳ᠋ᠦᠭᠡᠷ ᠲᠡᠰ ᠲᠦ ᠲᠤᠳ᠋ᠤᠷᠠᠵᠤ ᠂ ᠦᠵᠡᠭᠴᠢ ᠤᠯᠠᠨ ᠦ ᠬᠠᠷᠠᠭ᠎ᠠ ᠰᠤᠨ᠋ᠤᠷ ᠢ ᠪᠠᠶᠠᠰᠬᠠᠵᠤ ᠂ ᠢᠷᠠᠭᠤ ᠨᠠᠢᠷᠠᠭ ᠤᠨ ᠶᠠᠩᠵᠢᠨᠯᠾᠬᠠᠮᠤ ᠪᠤᠷᠬᠠᠨ ᠢ ᠡᠷᠭᠦᠮᠵᠢᠯᠠᠯ ᠤᠨ ᠦᠨ᠋ᠡᠮᠯᠡᠯ ᠂ ᠨᠤᠮ ᠤᠨ ᠪᠡᠯᠡᠭ᠌ ᠲᠡᠢ ᠲᠤᠰᠤᠯ᠎ᠠ ᠃ ᠪᠡᠶ᠎ᠡ ᠪᠠᠭᠠᠳ᠋ᠤᠷ ᠂ ᠪᠢᠯᠢᠭ᠌ ᠪᠠᠭᠠᠳ᠋ᠤᠷ ᠢ ᠲᠡᠭᠡᠳ᠋ᠤᠯᠡᠳ᠋ᠡᠭ᠌  ᠢᠶᠠᠷ ᠢᠶᠡᠨ ᠪᠠᠭᠠᠷᠢᠨᠴᠤᠳ ᠶᠡᠬᠡ ᠠᠯᠳ᠋ᠠᠷᠰᠢᠵᠠᠢ ᠂ ᠬᠡᠯᠡ ᠪᠢᠴᠢᠭ᠌ ᠤᠨ ᠵᠢᠭᠠᠨ ᠰᠤᠷᠭᠠᠯᠳ᠋ᠠ ᠶᠢᠨ ᠲᠠᠯ᠎ᠠ ᠳ᠋ᠤ ᠦᠪᠡᠷᠮᠢᠴᠠ ᠤᠨᠴᠠᠯᠢᠭ  ᠢᠶᠠᠷ ᠢᠶᠡᠨ ᠬᠦᠭᠵᠢᠵᠤ ᠪᠤᠢ ᠳ᠋ᠠᠪᠠᠨ ᠦ ᠨᠢᠭᠡᠳ᠋ᠤᠭᠡᠷ ᠲᠤᠮᠳ᠋ᠠᠳ᠋ᠤ ᠰᠤᠷᠭᠠᠭᠤᠯᠢ ᠨᠢ ᠨᠡᠩ ᠰᠢᠨ᠎ᠡ ᠰᠡᠳᠬᠢᠴᠡ ᠂ ᠰᠢᠨ᠎ᠠ ᠡᠭᠦᠳ᠋ᠦᠯᠳ᠋ᠠ ᠪᠦᠳ᠋ᠦᠭᠡᠯ ᠲᠡᠢ ᠰᠤᠷᠤᠭᠴᠢᠳ ᠢ ᠬᠦᠮᠦᠵᠢᠬᠦᠯᠬᠦ ᠪᠠᠷ ᠬᠠᠷᠠᠯᠳ᠋ᠠ ᠵᠤᠷᠢᠯᠳ᠋ᠠ ᠪᠤᠯᠭᠠᠨ ᠠᠵᠢᠯᠯᠠᠵᠤ ᠪᠠᠢᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号