123456 0476-6223398
ᠰᠣᠨᠢᠨ ᠮᠡᠳᠡᠭᠡ
《 ᠡᠷᠴᠢᠮ 》 ᠬᠣᠨᠲᠠᠭᠠᠲᠦ ᠲᠡᠭᠡᠰᠦ ᠳᠠᠳ᠋ᠠᠬᠣ ᠣᠷᠣᠯᠳ᠋ᠣᠭᠠᠨ ᠦ ᠱᠠᠩᠨ᠋ᠠᠯ ᠣᠯᠭᠣᠪᠠ
2016.08.18 ᠲᠣᠰ ᠥᠷᠲᠡᠭᠡᠨ ᠦ ᠨᠠᠢᠷᠠᠭᠤᠯᠤᠭᠴᠢ

《 ᠡᠷᠴᠢᠮ 》 ᠬᠣᠨᠲᠠᠭᠠᠲᠦ ᠲᠡᠭᠡᠰᠦ ᠳᠠᠳ᠋ᠠᠬᠣ ᠣᠷᠣᠯᠳ᠋ᠣᠭᠠᠨ ᠦ ᠱᠠᠩᠨ᠋ᠠᠯ ᠣᠯᠭᠣᠪᠠ

      ᠡᠪᠯᠡᠯ ᠤᠨ ᠬᠣᠷᠢᠶ᠎ᠠ ᠶᠢᠨ ᠮᠡᠳ᠋ᠡᠭᠡ ᠂ 5 ᠰᠠᠷ᠎ᠠ ᠶᠢᠨ 30 ᠤ᠋ ᠡᠲᠦᠷ ᠰᠣᠷᠭᠠᠭᠣᠯᠢ ᠶᠢᠨ ᠡᠪᠯᠡᠯ ᠦᠨ ᠬᠣᠷᠢᠶ᠎ᠠ ᠡᠴᠡ ᠭᠣᠣᠯᠯᠠᠨ ᠡᠷᠬᠢᠯᠡᠵᠥ ᠂ ᠲᠠᠮᠢᠷ ᠤᠨ ᠲᠣᠭᠣᠢᠯᠠᠩ ᠡᠴᠡ ᠲᠠᠭᠠᠭᠠᠴᠢᠯᠠᠨ ᠵᠣᠬᠢᠶᠠᠨ ᠪᠠᠢᠭᠣᠯᠣᠭᠰᠠᠨ 《 ᠡᠷᠴᠢᠮ 》 ᠬᠣᠨᠲᠠᠭᠠᠲᠦ ᠲᠡᠭᠡᠰᠦ ᠲᠠᠲᠠᠬᠣ ᠣᠷᠣᠯᠲᠣᠭᠠᠨ ᠦ ᠱᠠᠩᠨ᠋ᠠᠯ ᠣᠯᠭᠣᠬᠣ ᠶᠣᠰᠣᠯᠠᠯ ᠶᠠᠪᠣᠭᠣᠯᠪᠠ ᠃

     1. ᠰᠣᠷᠭᠠᠭᠣᠯᠢ ᠶᠢᠨ ᠡᠪᠯᠡᠯ ᠦᠨ ᠬᠣᠷᠢᠶᠶᠠᠨ ᠦ ᠱᠦ᠋ᠵᠢ ᠠ‍᠂ ᠬᠦᠬᠡᠮᠦ᠋ᠷᠡᠨ ᠡᠴᠡ ᠳ᠋ᠦ᠋ᠩᠨ᠋ᠡᠯᠲᠡ ᠶᠢᠨ ᠶᠠᠷᠢᠶ᠎ᠠ ᠲᠠᠯᠪᠢᠵᠥ ᠂ ᠰᠣᠷᠣᠭᠴᠢ ᠨᠦ᠋ᠬᠦᠳ ᠲᠦ ᠪᠦᠯᠬᠦᠮᠲᠡᠵᠥ ᠶᠠᠪᠣᠬᠣ ᠶᠢᠨ ᠴᠢᠬᠣᠯᠠ ᠲᠠᠯ᠎ᠠ ᠶᠢ ᠮᠣᠩᠭᠣᠯ ᠠᠷᠠᠳ ᠤᠨ ᠵᠦ᠋ᠢᠷ ᠰᠡᠴᠡᠨ ᠦᠭᠡ ᠪᠠᠷ ᠡᠰᠢ ᠲᠠᠲᠠᠨ ᠶᠠᠷᠢᠵᠤ ᠂ ᠬᠦᠮᠦᠨ ᠬᠦᠮᠦᠨ ᠬᠣᠭᠤᠷᠤᠨᠳᠤ ᠪᠡᠨ ᠡᠪ ᠪᠦᠯᠬᠦᠮᠲᠠᠯ ᠲᠡᠢ ᠶᠠᠪᠣᠪᠠᠯ ᠦᠵᠦᠬᠦᠷ ᠨᠢ ᠦᠯᠦ ᠦᠵᠡᠭ᠍ᠲᠡᠬᠦ ᠲᠡᠭᠡᠰᠦ ᠮᠡᠲᠦ ᠣᠷᠲᠦ ᠪᠠᠢᠲᠠᠭ ᠂ ᠡᠨ᠋ᠡ ᠣᠷᠲᠦ ᠨᠢ ᠲᠠᠷᠣᠢ ᠬᠦᠮᠦᠨ  ᠦ ᠨᠦ᠋ᠬᠦᠷᠯᠡᠯ ᠂ ᠬᠦᠮᠦᠨ ᠦ ᠠᠵᠠ ᠵᠢᠷᠭᠠᠯ ᠂ ᠬᠦᠮᠦᠨ ᠦ ᠣᠬᠠᠭᠠᠨ ᠪᠣᠯᠣᠨ᠎ᠠ ᠂ ᠪᠢᠳ᠋ᠡ ᠡᠨ᠋ᠡ ᠮᠡᠲᠦ ᠪᠠᠷ ᠦᠪᠡᠷ ᠢ ᠪᠡᠨ ᠦᠭᠡᠷᠡᠴᠢᠯᠡᠵᠥ ᠴᠢᠳ᠋ᠠᠪᠠᠯ ᠰᠢᠯᠢᠲᠡᠭ᠌ ᠦᠨᠲᠦᠰᠦᠲᠡᠨ ᠦ ᠬᠣᠪᠢ ᠪᠠᠷ ᠲᠡᠯᠡᠬᠡᠢ ᠳᠤ ᠣᠷᠣᠨ ᠪᠠᠢᠷᠢ ᠪᠡᠨ ᠡᠵᠡᠯᠡᠵᠥ ᠦᠨ᠋ᠢ ᠮᠦ᠋ᠩᠭᠡ ᠣᠷᠣᠰᠢᠬᠤ ᠪᠣᠯᠣᠨ᠎ᠠ ᠭᠡᠵᠥ ᠪᠦᠬᠦ ᠰᠣᠷᠣᠭᠴᠢᠳ ᠶᠢ ᠣᠷᠢᠶᠠᠯᠠᠨ ᠵᠣᠷᠢᠭᠵᠢᠭᠣᠯᠪᠠ ᠃ ᠮᠦ᠋ᠨ ᠴᠦ ᠲᠣᠰ ᠣᠲᠠᠭᠠᠨ  ᠦ ᠣᠷᠣᠯᠲᠣᠭᠠᠨ ᠳᠤ ᠣᠲᠠᠯ ᠦᠭᠡᠢ ᠡᠬᠡ ᠰᠣᠷᠭᠠᠭᠣᠯᠢ ᠡᠴᠡ ᠪᠡᠨ ᠠᠶᠠᠷᠯᠠᠵᠥ ᠂ ᠡᠷᠲᠡᠮ ᠦᠨ ᠭᠦᠨ ᠣᠷᠣᠭᠣ ᠨᠡᠩ ᠦᠨᠲᠦᠷ ᠲᠦ ᠬᠠᠯᠢᠨ ᠲᠡᠭᠦᠯᠢᠬᠦ ᠭᠡᠵᠥ ᠪᠠᠢᠭ᠎ᠠ ᠲᠡᠬᠦᠰᠬᠦ ᠣᠨ ᠦ ᠰᠣᠷᠣᠭᠴᠢᠳ ᠲᠦ 《 ᠨᠦ᠋ᠬᠦᠷᠯᠡᠯ ᠨᠢᠭᠡᠲᠦᠭᠡᠷ ᠂ ᠣᠷᠣᠯᠲᠣᠭᠠᠨ ᠬᠣᠶᠠᠲᠣᠭᠠᠷ 》 ᠭᠡᠬᠦ ᠣᠷᠢᠶ᠎ᠠ ᠲᠣᠣᠷ᠎ᠠ ᠮᠠᠰᠢ ᠰᠠᠢᠬᠠᠨ ᠮᠦ᠋ᠷᠦᠢᠴᠡᠵᠥ ᠂ ᠰᠠᠭᠣᠷᠢ ᠣᠨ  ᠦ ᠲᠡᠬᠦᠦ ᠨᠠᠷ ᠲᠦ ᠪᠡᠨ ᠰᠠᠢᠨ ᠬᠡᠪ ᠲᠠᠭᠣᠷᠢᠶᠠᠯ ᠪᠣᠯᠣᠭᠰᠠᠨ ᠢ᠋ ᠰᠠᠢᠰᠢᠶᠠᠨ ᠮᠠᠭᠲᠠᠵᠣ ᠦᠪᠡᠷ ᠦᠨ ᠬᠦᠰᠡᠵᠥ ᠰᠠᠨ᠋ᠠᠭᠰᠠᠨ ᠰᠣᠷᠭᠠᠭᠣᠯᠢ ᠳᠤ ᠪᠡᠨ ᠰᠢᠯᠭᠠᠨ ᠣᠷᠣᠵᠥ ᠂ ᠭᠡᠷ ᠪᠦᠯᠢ ᠳᠤ ᠪᠡᠨ ᠂ ᠣᠰᠣ ᠨᠣᠲᠣᠭ ᠲᠦ ᠪᠡᠨ ᠂ ᠡᠬᠡ ᠰᠣᠷᠭᠠᠭᠣᠯᠢ ᠳᠤ ᠪᠡᠨ ᠬᠦᠴᠦ ᠪᠡᠨ ᠡᠷᠬᠦᠵᠥ ᠶᠠᠪᠣᠬᠣ ᠶᠢ ᠬᠦᠰᠡᠨ ᠵᠦ᠋ᠩᠨ᠋ᠡᠭᠰᠡᠨ ᠪᠠᠢᠨ᠎ᠠ ᠃

     2. ᠰᠣᠷᠭᠠᠭᠣᠯᠢ ᠶᠢᠨ ᠮᠣᠷᠠᠯ ᠤᠨ ᠬᠦᠮᠦᠵᠢᠯ ᠦᠨ ᠭᠠᠵᠠᠷ ᠤᠨ ᠡᠷᠬᠢᠯᠡᠭᠴᠢ ᠶᠦ᠋ᠩ ᠵᠢᠶᠦ᠋ᠨ ᠂ ᠲᠡᠳ᠋ ᠡᠷᠬᠢᠯᠡᠭᠴᠢ ᠠᠯᠲᠠᠨᠪᠠᠭᠠᠨ᠎ᠠ ᠂ ᠰᠣᠷᠭᠠᠭᠣᠯᠢ ᠶᠢᠨ ᠡᠪᠯᠡᠯ ᠦᠨ ᠬᠣᠷᠢᠶᠠᠨ ᠦ ᠱᠦ᠋ᠵᠢ ᠠ᠊ ᠂ ᠬᠦᠬᠡᠮᠦ᠋ᠷᠡᠨ ᠂ ᠲᠠᠮᠢᠷ ᠤᠨ ᠵᠢᠭᠠᠬᠣ ᠶᠢ ᠰᠣᠳ᠋ᠣᠯᠬᠣ ᠲᠣᠭᠣᠢᠯᠠᠩ ᠤᠨ ᠳᠠᠷᠣᠭ᠎ᠠ ᠬᠣᠸᠠᠷ ᠨᠠᠷ ᠡᠴᠡ ᠡᠯ᠎ᠡ ᠣᠨ ᠦ ᠳᠣᠭᠣᠢᠯᠠᠩ ᠤᠨ ᠡᠮᠣᠨ᠎ᠡ ᠭᠣᠷᠪᠠ ᠳ᠋ᠤ ᠣᠷᠣᠭᠰᠠᠨ ᠠᠩᠬᠢ ᠳ᠋ᠤ ᠱᠠᠩᠨ᠋ᠠᠯ ᠣᠯᠭᠣᠪᠠ ᠃ ᠡᠭᠦᠨ ᠳ᠋ᠤ ᠲᠡᠭᠡᠲᠦ ᠭᠣᠷᠪᠠᠲᠣᠭᠠᠷ ᠣᠨ ᠦ ᠲᠣᠭᠣᠢᠯᠠᠩ ᠤᠨ ᠳᠡᠷᠢᠭᠦᠨ 3.12 ᠂ ᠳᠡᠳ᠋ ᠆ 3.4 ᠂ ᠭᠣᠳ᠋ᠠᠭᠠᠷ ᠆ 3.8 ᠃ ᠲᠡᠭᠡᠲᠦ ᠬᠣᠶᠠᠲᠣᠭᠠᠷ ᠣᠨ ᠦ ᠲᠣᠭᠣᠢᠯᠠᠩ ᠤᠨ ᠳᠡᠷᠢᠭᠦᠨ ᠆ 2.10  ᠳᠡᠳ᠋ ᠆ 2.1 ᠂ ᠭᠣᠳ᠋ᠠᠭᠠᠷ ᠆ 2.4 ᠂ ᠲᠡᠭᠡᠲᠦ ᠨᠢᠭᠡᠲᠦᠭᠡᠷ ᠣᠨ  ᠦ ᠲᠣᠭᠣᠢᠯᠠᠩ  ᠤᠨ ᠳᠡᠷᠢᠭᠦᠨ ᠆ 1.1 ᠂ ᠳᠡᠳ᠋ ᠆ 1.3 ᠂ ᠭᠣᠳ᠋ᠠᠭᠠᠷ ᠆ 1.5  ᠃ ᠲᠡᠷᠢᠬᠦᠨ ᠂ ᠲᠡᠳ᠋ ᠂ ᠭᠣᠲᠠᠭᠠᠷ ᠲᠦ ᠣᠷᠣᠭᠰᠠᠨ ᠠᠩᠬᠢ ᠶᠢ ᠲᠣᠰᠪᠦᠷᠢ 300 ᠂ 200 ᠂ 100 ᠲᠦ᠋ᠭᠦᠷᠢᠭ᠌ ᠪᠠᠷ ᠱᠠᠩᠨ᠋ᠠᠪᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号