123456 0476-6223398
ᠰᠣᠨᠢᠨ ᠮᠡᠳᠡᠭᠡ
ᠲᠤᠯᠠᠭᠠᠴᠠ ᠬᠠᠡᠭ᠍ᠭᠠᠬᠤ ᠪᠠ ᠴᠡᠬᠢᠯᠭᠠᠨ ᠭᠠᠷᠭᠠᠬᠤ ᠺᠤᠮᠫᠨ᠋ᠠᠢ ᠳ᠋ᠤ ᠲᠤᠭᠤᠷᠢᠨ ᠦᠵᠡᠪᠡ
2016.08.18 ᠲᠣᠰ ᠥᠷᠲᠡᠭᠡᠨ ᠦ ᠨᠠᠢᠷᠠᠭᠤᠯᠤᠭᠴᠢ

ᠹᠢᠽᠢᠺ ᠤᠨ ᠵᠢᠭᠠᠬᠣ ᠶᠢ ᠰᠣᠳ᠋ᠣᠯᠬᠣ ᠳᠣᠭᠣᠢᠯᠠᠩ ᠤᠨ ᠮᠡᠳ᠋ᠡᠭᠡ 5 ᠰᠠᠷ᠎ᠠ ᠶᠢᠨ 18 ᠦ ᠡᠳ᠋ᠣᠷ  ᠹᠢᠽᠢᠺ ᠤᠨ ᠵᠢᠭᠠᠬᠣ ᠶᠢ ᠰᠣᠳ᠋ᠣᠯᠬᠣ ᠳᠣᠭᠣᠢᠯᠠᠩ ᠨᠢ ᠲᠡᠬᠡᠳ᠋ᠤ ᠬᠣᠶᠠᠳ᠋ᠣᠭᠠᠷ ᠣᠨ ᠦ ᠪᠠᠢᠭᠠᠯᠢ ᠶᠢᠨ ᠰᠢᠨᠵᠢᠯᠡᠬᠡᠨ ᠦ ᠪᠦᠬᠦ ᠠᠡᠭ᠍ᠭᠢ ᠶᠢᠨ ᠰᠣᠷᠣᠭᠴᠢᠳ ᠢ ᠵᠣᠬᠢᠶᠠᠨ ᠪᠠᠢᠭᠣᠯᠵᠣ ᠂ ᠬᠣᠰᠢᠭᠣᠨ ᠦ ᠲᠤᠯᠠᠭᠠᠴᠠ ᠬᠠᠡᠭ᠍ᠭᠠᠬᠤ ᠪᠠ ᠴᠡᠬᠢᠯᠭᠠᠨ ᠭᠠᠷᠭᠠᠬᠤ ᠺᠤᠮᠫᠨ᠋ᠠᠢ ᠳ᠋ᠤ ᠲᠤᠭᠤᠷᠢᠨ ᠦᠵᠡᠪᠡ ᠃ ᠳᠣᠰ ᠣᠳ᠋ᠠᠭᠠᠨ ᠦ ᠳᠣᠭᠣᠷᠢᠨ ᠦᠵᠡᠭᠦ ᠠᠵᠢᠯᠯᠠᠭᠠᠨ ᠳ᠋ᠤ  ᠹᠢᠽᠢᠺ ᠤᠨ ᠵᠢᠭᠠᠬᠣ ᠶᠢ ᠰᠣᠳ᠋ᠣᠯᠬᠣ ᠳᠣᠭᠣᠢᠯᠠᠩ ᠤᠨ ᠪᠦᠭᠦ ᠪᠠᠭᠰᠢ ᠨᠠᠷ ᠪᠠ ᠳᠡᠭᠡᠳ᠋ᠣ ᠬᠣᠶᠠᠳ᠋ᠣᠭᠠᠷ ᠣᠨ ᠦ ᠡᠯ᠎ᠡ ᠠᠩᠬᠢ ᠶᠢᠨ ᠡᠷᠬᠢᠯᠡᠭᠴᠢᠳ ᠣᠷᠣᠯᠴᠠᠭᠰᠠᠨ ᠪᠠᠢᠨ᠎ᠠ ᠃

ᠳᠣᠭᠣᠷᠢᠨ ᠦᠵᠡᠭᠦ ᠪᠠᠷ ᠳᠠᠮᠵᠢᠨ ᠰᠣᠷᠤᠭᠴᠢᠳ ᠤᠨ ᠹᠢᠽᠢᠺ ᠰᠣᠷᠬᠤ ᠤᠷᠮ᠎ᠠ ᠪᠠᠬ᠎ᠠ ᠶᠢ ᠬᠦᠭᠵᠢᠬᠡᠵᠤ ᠂ ᠬᠢᠴᠢᠶᠡᠯ ᠤᠨ ᠴᠠᠭ ᠲᠦ ᠰᠣᠷᠣᠭᠰᠠᠨ ᠮᠡᠳ᠋ᠡᠯᠭᠡ ᠶᠢ ᠠᠮᠢᠳ᠋ᠤᠷᠠᠯ ᠲᠤᠮᠳ᠋ᠠ ᠦᠷᠬᠡᠨ ᠤᠯᠡᠨ ᠬᠡᠷᠡᠭᠯᠡᠵᠤ ᠪᠠᠢᠭ᠎ᠠ ᠶᠢ ᠮᠡᠳ᠋ᠡᠭᠦᠯᠵᠣ ᠂ ᠴᠡᠬᠢᠯᠭᠠᠨ ᠭᠠᠷᠭᠠᠭᠤᠷ ᠮᠠᠰᠢᠨ ᠪᠠ ᠲᠤᠯᠠᠭᠠᠴᠠ ᠬᠠᠡᠭ᠍ᠭᠠᠬᠤ ᠲᠦ᠋ᠬᠦᠬᠡᠷᠦᠮᠵᠢ ᠶᠢᠨ ᠠᠵᠢᠯᠯᠠᠬᠤ ᠦᠨᠳ᠋ᠤᠰᠤᠨ ᠶᠤᠰᠤ ᠶᠢ ᠮᠡᠳ᠋ᠡᠭᠦᠯᠦᠭ᠍ᠰᠡᠨ ᠪᠦᠭᠡᠳ ᠨᠡᠢᠬᠡᠮ ᠤᠨ ᠠᠵᠢᠯᠯᠭᠠᠨ ᠢᠶᠡᠷ ᠲᠠᠮᠵᠢᠵᠤ ᠪᠠᠭᠰᠢ ᠰᠣᠷᠤᠭᠴᠢᠳ ᠤᠨ ᠬᠣᠭᠣᠷᠣᠨᠳ᠋ᠣᠬᠢ ᠬᠠᠷᠢᠴᠠᠭ᠎ᠠ ᠶᠢ ᠤᠯᠠᠮ ᠨᠢᠬᠡ ᠠᠯᠬᠣᠮ ᠨᠢᠭᠳ᠋ᠠᠷᠠᠭᠣᠯᠬᠣ ᠳ᠋ᠤ ᠦᠢᠯᠡᠴᠢᠯᠡᠵᠣ ᠴᠢᠳ᠋ᠠᠭᠰᠠᠨ ᠪᠠᠢᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号