123456 0476-6223398
ᠰᠣᠨᠢᠨ ᠮᠡᠳᠡᠭᠡ
《 ᠬᠡᠢᠮᠣᠷᠢ ᠶᠢᠨ ᠳᠠᠯᠠᠯᠭ᠎ᠠ 》 ᠣᠷᠠᠯᠢᠭ ᠤᠨ ᠨᠠᠢᠷ
2016.08.18 ᠲᠣᠰ ᠥᠷᠲᠡᠭᠡᠨ ᠦ ᠨᠠᠢᠷᠠᠭᠤᠯᠤᠭᠴᠢ

《 ᠬᠡᠢᠮᠣᠷᠢ ᠶᠢᠨ ᠳᠠᠯᠠᠯᠭ᠎ᠠ 》 ᠣᠷᠠᠯᠢᠭ ᠤᠨ ᠨᠠᠢᠷ ᠵᠢᠴᠢ ᠳᠡᠭᠦᠰᠭᠦ ᠣᠨ ᠦ ᠪᠠᠭᠰᠢ ᠰᠣᠷᠣᠭᠴᠢᠳ ᠢᠶᠡᠨ ᠳᠣᠬᠣᠨ᠋ᠢᠭᠣᠯᠬᠣ ᠣᠷᠠᠨ ᠰᠠᠢᠬᠠᠨ ᠦ ᠦᠳ᠋ᠡᠰᠢᠯᠡᠭᠡ ᠬᠢᠪᠡ

 

5 ᠰᠠᠷ᠎ᠠ ᠶᠢᠨ ᠭᠣᠴᠢᠨ ᠨᠢᠭᠡᠨ ᠦ ᠤᠷᠣᠢ ᠠᠷᠪᠠᠨ ᠳᠦ᠋ᠷᠪᠡᠳ᠋ᠣᠭᠡᠷ ᠣᠳ᠋ᠠᠭᠠᠨ ᠦ 《 ᠬᠡᠢᠮᠣᠷᠢ ᠶᠢᠨ ᠳᠠᠯᠠᠯᠭ᠎ᠠ 》 ᠣᠷᠠᠯᠢᠭ ᠤᠨ ᠨᠠᠢᠷ ᠵᠢᠴᠢ ᠳᠡᠭᠦᠰᠭᠦ ᠣᠨ ᠦ ᠪᠠᠭᠰᠢ ᠰᠣᠷᠣᠭᠴᠢᠳ ᠢᠶᠡᠨ ᠳᠣᠬᠣᠨ᠋ᠢᠭᠣᠯᠬᠣ ᠣᠷᠠᠨ ᠰᠠᠢᠬᠠᠨ ᠦ ᠦᠳ᠋ᠡᠰᠢᠯᠡᠭᠡ ᠳᠠᠮᠢᠷ ᠤᠨ ᠳᠠᠯᠠᠪᠠᠢ ᠳ᠋ᠤ ᠠᠮᠵᠢᠯᠳ᠋ᠠ ᠳᠠᠢ ᠶᠠᠪᠣᠭᠳ᠋ᠠᠪᠠ ᠃

ᠣᠷᠠᠨ ᠰᠠᠢᠬᠠᠨ ᠦ ᠳᠣᠭᠯᠠᠯᠳ᠋ᠠ ᠨᠢ ᠨᠠᠢᠷᠠᠯ ᠳᠠᠭᠣᠣ ᠆ 《 ᠵᠠᠩ ᠮᠦ᠋ᠷᠡᠨ ᠦ ᠣᠰᠣ 》 ᠪᠠᠷ ᠬᠦᠰᠢᠬᠡ ᠪᠠᠨ ᠢᠷᠡᠵᠤ ᠂ ᠮᠣᠷᠢᠨ ᠬᠣᠭᠣᠷ ᠂ ᠬᠣᠪᠢᠰ ᠭᠦᠭᠵᠢᠮ ᠤᠨ ᠬᠣᠣᠰᠯᠠᠯ ᠂ ᠬᠠᠮᠳ᠋ᠣ ᠶᠢᠨ ᠪᠦᠵᠢᠭ᠌ ᠂ ᠬᠠᠮᠳ᠋ᠣᠯᠢᠭ ᠤᠨ ᠳᠠᠭᠣᠣ ᠂ ᠨᠠᠢᠷᠠᠯ ᠳᠠᠭᠣᠣ ᠂ ᠭᠣᠴᠣᠯᠠᠯ ᠳᠠᠭᠣᠣ ᠂ ᠮᠣᠷᠢᠨ ᠬᠣᠭᠣᠷ ᠤᠨ ᠭᠣᠴᠣᠯᠠᠯ ᠂ ᠮᠣᠷᠢᠨ ᠬᠣᠭᠣᠷ ᠤᠨ ᠨᠠᠢᠷᠠᠯ ᠂ ᠵᠠᠬ᠎ᠠ ᠤᠨ ᠪᠦᠵᠢᠭ᠌ ᠵᠡᠷᠭᠡ ᠠᠷᠪᠠᠨ ᠳᠣᠯᠣᠭᠠᠨ ᠭᠣᠢᠳ᠋ᠠ ᠰᠠᠢᠬᠠᠨ ᠳᠣᠬᠯᠠᠯᠳ᠋ᠠ ᠭᠠᠷᠭᠠᠨ ᠂ ᠦᠵᠡᠭᠴᠢᠳ ᠤᠨ  ᠪᠠᠬᠠᠷᠬᠠᠯ ᠰᠠᠢᠰᠢᠶᠠᠯ ᠢ ᠣᠯᠪᠠ ᠃

ᠦᠳ᠋ᠡᠰᠢᠯᠭᠡ ᠶᠢᠨ ᠪᠠᠰᠠ ᠨᠢᠬᠡᠨ ᠠᠭᠤᠯᠭ᠎ᠠ ᠪᠤᠯᠬᠤ ᠳᠡᠭᠡᠳ᠋ᠣ ᠭᠣᠷᠪᠠ ᠶᠢᠨ ᠰᠢᠯᠢᠳ᠋ᠡᠭ᠌ ᠳᠡᠭᠦᠰᠦᠭ᠍ᠰᠡᠨ ᠰᠣᠷᠣᠭᠴᠢᠳ ᠲᠣ ᠱᠠᠩᠨ᠋ᠠᠯ ᠣᠯᠭᠣᠬᠣ ᠶᠣᠰᠣᠯᠠᠯ ᠢ ᠣᠷᠠᠨ ᠰᠠᠢᠬᠠᠨ ᠦ ᠳᠣᠭᠯᠠᠯᠳ᠋ᠠ ᠶᠢᠨ ᠳᠣᠮᠳ᠋ᠠ ᠶᠠᠪᠣᠭᠳ᠋ᠠᠭᠣᠯᠪᠠ ᠃ ᠳᠡᠳ᠋ ᠵᠠᠬᠢᠷᠣᠯ ᠰ· ᠭᠡᠷᠡᠯ ᠠ᠋ᠴᠠ 《 ᠳ᠋ᠠᠪᠠᠨ ᠦ ᠨᠢᠭᠡᠳ᠋ᠣᠭᠡᠷ ᠳᠣᠮᠳ᠋ᠠᠳ᠋ᠣ ᠰᠣᠷᠭᠠᠭᠣᠯᠢ ᠶᠢᠨ ᠰᠢᠯᠢᠳ᠋ᠡᠭ᠌ ᠳᠡᠭᠦᠰᠦᠭ᠍ᠰᠡᠨ ᠰᠣᠷᠣᠭᠴᠢ ᠶᠢ ᠬᠢᠨ᠋ᠠᠨ ᠰᠢᠯᠭᠠᠷᠠᠭᠣᠯᠬᠣ ᠠᠷᠭ᠎ᠠ 》ᠶ᠋ᠢ ᠨᠡᠢᠳ᠋ᠡᠯᠡᠵᠣ ᠂ ᠰᠣᠷᠭᠠᠭᠣᠯᠢ ᠶᠢᠨ ᠨᠠᠮ ᠤᠨ ᠡᠭᠦᠷ ᠤᠨ ᠱᠦ᠋ᠵᠢ ᠂ ᠵᠠᠬᠢᠷᠣᠯ ᠰᠸᠸᠠᠩ ᠂ ᠳᠡᠳ᠋ ᠵᠠᠬᠢᠷᠣᠯ ᠭᠦᠭᠡᠮᠣᠢᠷᠡᠨ ᠂ ᠰ· ᠭᠡᠷᠡᠯ ᠂ ᠴᠢ ᠶᠢᠩ ᠠ᠋ᠴᠠ ᠰᠢᠯᠢᠳ᠋ᠡᠭ᠌ ᠪᠦᠳ᠋ᠣᠮᠵᠢ ᠪᠠᠷ ᠳᠡᠭᠦᠰᠦᠭ᠍ᠰᠡᠨ ᠰᠣᠷᠣᠭᠴᠢᠳ ᠲᠣ ᠱᠠᠩᠨ᠋ᠠᠯ ᠣᠯᠭᠣᠪᠠ ᠃

ᠶᠣᠰᠣᠯᠠᠯ ᠳ᠋ᠤ ᠪᠠᠰᠠ ᠳᠡᠭᠡᠳ᠋ᠣ ᠭᠣᠷᠪᠠ ᠶᠢᠨ ᠡᠯ᠎ᠡ ᠠᠩᠬᠢ ᠠ᠋ᠴᠠ ᠡᠭᠡ ᠰᠣᠷᠭᠠᠭᠣᠯᠢ ᠶᠢᠨ ᠢᠶᠡᠨ ᠪᠠᠢᠭᠣᠯᠣᠭᠳ᠋ᠠᠭᠰᠠᠨ 60 ᠵᠢᠯ ᠤᠨ ᠣᠢ ᠳ᠋ᠤ ᠪᠡᠯᠡᠭ᠌ ᠪᠣᠯᠭᠠᠨ ᠨᠠᠢᠳ᠋ᠠ 115 ᠳᠡᠪᠳ᠋ᠡᠷ ᠨᠣᠮ ᠬᠠᠨᠳ᠋ᠢᠪᠯᠠᠪᠠ ᠃

ᠰᠢᠯᠢᠳ᠋ᠡᠭ᠌ ᠳᠡᠭᠦᠰᠦᠭ᠍ᠰᠡᠨ ᠰᠣᠷᠣᠭᠴᠢᠳ ᠤᠨ ᠨᠠᠷᠡᠰ ᠄

ᠨᠠᠷᠠᠬᠠᠨ (3.1) ᠂ ᠴᠡᠯᠡᠭᠡᠷ (3.1) ᠂ ᠭᠣᠶᠣᠬᠠᠨ (3.1) ᠂ ᠱᠸᠩ ᠯᠢ (3.2) ᠂ ᠮᠦ᠋ᠴᠢᠷ (3.2 ) ᠂ ᠨᠣᠭᠣᠭᠠᠨ (3.3) ᠂ ᠯᠢᠩ ᠯᠢᠩ (3.4) ᠂ ᠰᠣᠷᠭᠣᠭ (3.5) ᠂  ᠭᠡᠭᠡᠨᠰᠣᠪᠣᠳ (3.6) ᠂ ᠵᠣᠨ᠎ᠠ (3.7) ᠂ ᠰᠢᠶᠡᠩ ᠮᠸᠢ (3.8) ᠂ ᠰᠣᠷᠣᠨ᠎ᠠ (3.9) ᠂ ᠰᠣᠪᠣᠳᠴᠢᠮᠡᠭ᠌ (3.10 ) ᠂ ᠬᠠᠢᠷ᠎ᠠ (3.11) ᠂ ᠰᠢᠨ᠋ᠠᠳ᠋ᠢᠪ (3.11) ᠂ ᠬᠠᠩᠭᠠᠢ (3.12) ᠂ ᠠᠨᠳ᠋ᠠ (3.12) ᠂ ᠴᠠᠰᠣᠨ᠎ᠠ (3.12) ᠨᠠᠷ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号