123456 0476-6223398
ᠰᠣᠨᠢᠨ ᠮᠡᠳᠡᠭᠡ
ᠳᠡᠭᠡᠳ᠋ᠣ ᠭᠣᠷᠪᠠᠳ᠋ᠣᠭᠠᠷ ᠣᠨ ᠦ ᠰᠤᠷᠤᠭᠴᠢᠳ ᠤᠨ ᠰᠤᠷᠤᠯᠭ᠎ᠠ ᠲᠡᠬᠦᠰᠬᠦ ᠶᠤᠰᠤᠯᠠᠯ ᠤᠨ ᠬᠤᠷᠠᠯ ᠤᠨ ᠬᠢᠪᠡ
2016.08.18 ᠲᠣᠰ ᠥᠷᠲᠡᠭᠡᠨ ᠦ ᠨᠠᠢᠷᠠᠭᠤᠯᠤᠭᠴᠢ

ᠬᠢᠴᠢᠶᠡᠯ ᠭᠦᠮᠣᠵᠢᠯ ᠤᠨ ᠭᠠᠵᠠᠷ ᠤᠨ ᠮᠡᠳ᠋ᠡᠭᠡ 5 ᠰᠠᠷ᠎ᠠ ᠶᠢᠨ 31 ᠤ᠋ ᠦᠳ᠋ᠡ ᠶᠢᠨ ᠡᠮᠣᠨ᠎ᠡ ᠱᠠᠳ᠋ᠤᠯᠢᠭ ᠬᠢᠴᠢᠶᠠᠯ ᠤᠨ ᠭᠡᠷ ᠂ 2012 ᠤᠨ ᠦ ᠰᠤᠷᠤᠭᠴᠢᠳ ᠤᠨ ᠰᠤᠷᠤᠯᠭ᠎ᠠ ᠲᠡᠬᠦᠰᠬᠦ  ᠶᠤᠰᠤᠯᠠᠯ ᠤᠨ ᠬᠤᠷᠠᠯ ᠬᠢᠪᠡ ᠃ ᠬᠣᠷᠠᠯ ᠢ ᠬᠢᠴᠢᠶᠡᠯ ᠭᠦᠮᠣᠵᠢᠯ ᠤᠨ ᠭᠠᠵᠠᠷ ᠤᠨ ᠡᠷᠬᠢᠯᠡᠭᠴᠢ ᠴᠣᠯᠮᠣᠨ ᠡᠷᠬᠢᠯᠡᠪᠡ ᠃ ᠬᠣᠷᠠᠯ ᠳ᠋ᠤ ᠰᠣᠷᠭᠠᠭᠣᠯᠢ ᠶᠢᠨ ᠣᠳ᠋ᠣᠷᠢᠳ᠋ᠣᠯᠭ᠎ᠠ ᠨᠠᠷ ᠪᠠ ᠳᠡᠭᠡᠳ᠋ᠣ ᠭᠣᠷᠪᠠ ᠶᠢᠨ ᠪᠦᠭᠦ ᠪᠠᠭᠰᠢ ᠰᠣᠷᠣᠭᠴᠢᠳ ᠣᠷᠣᠯᠴᠠᠭᠰᠠᠨ ᠪᠠᠢᠨ᠎ᠠ ᠃

ᠬᠣᠷᠠᠯ ᠤᠨ ᠠᠭᠤᠯᠭ᠎ᠠ ᠪᠠ ᠠᠯᠬᠣᠮ ᠳᠠᠷᠠᠭ᠎ᠠ

1. ᠬᠢᠴᠢᠶᠡᠯ ᠭᠦᠮᠣᠵᠢᠯ ᠤᠨ ᠭᠠᠵᠠᠷ ᠤᠨ ᠡᠷᠬᠢᠯᠡᠭᠴᠢ ᠴᠣᠯᠮᠣᠨ ᠠ᠋ᠴᠠ ᠬᠤᠷᠠᠯ ᠡᠬᠢᠯᠡᠬᠦ ᠶᠢ ᠵᠠᠷᠯᠠᠪᠠ ᠃

2. ᠰᠣᠷᠭᠠᠭᠣᠯᠢ ᠶᠢᠨ ᠨᠠᠮ ᠤᠨ ᠡᠭᠦᠷ ᠤᠨ ᠱᠦ᠋ᠵᠢ ᠂ ᠵᠠᠬᠢᠷᠤᠯ ᠰᠸᠸᠠᠩ ᠠ᠋ᠴᠠ ᠶᠠᠷᠢᠶ᠎ᠠ ᠳᠠᠯᠪᠢᠪᠠ ᠃

3. ᠳᠡᠳ᠋ ᠵᠠᠬᠢᠷᠣᠯ ᠰ· ᠭᠡᠷᠡᠯ ᠠ᠋ᠴᠠ ᠲᠡᠬᠦᠰᠬᠦ ᠦᠨ᠋ᠡᠮᠯᠡᠯ ᠤᠯᠭᠤᠬᠤ ᠲᠤᠭᠳ᠋ᠠᠭᠠᠯ ᠢ ᠨᠡᠢᠳ᠋ᠡᠯᠡᠵᠤ ᠂ ᠣᠳ᠋ᠣᠷᠢᠳ᠋ᠣᠯᠭ᠎ᠠ ᠨᠠᠷ ᠠ᠋ᠴᠠ ᠨᠠᠷᠠᠬᠠᠨ ᠂ ᠬᠠᠩᠭᠠᠢ ᠵᠡᠷᠭᠡ 578 ᠰᠣᠷᠣᠭᠴᠢ ᠳ᠋ᠤ ᠲᠡᠬᠦᠰᠬᠦ ᠦᠨ᠋ᠡᠮᠯᠡᠯ ᠣᠯᠭᠣᠪᠠ ᠃

4. ᠳᠡᠳ᠋ ᠵᠠᠬᠢᠷᠣᠯ ᠬᠦᠬᠡᠮᠦ᠋ᠷᠠᠨ ᠠ᠋ᠴᠠ ᠨᠠᠷᠠᠬᠠᠨ (3.1) ᠂ ᠴᠡᠯᠡᠭᠡᠷ (3.1) ᠂ ᠭᠣᠶᠣᠬᠠᠨ (3.1) ᠂ ᠱᠸᠩ ᠯᠢ (3.2) ᠂ ᠮᠦ᠋ᠴᠢᠷ (3.2 ) ᠂ ᠨᠣᠭᠣᠭᠠᠨ (3.3) ᠂ ᠯᠢᠩ ᠯᠢᠩ (3.4) ᠂ ᠰᠣᠷᠭᠣᠭ (3.5) ᠂  ᠭᠡᠭᠡᠨᠰᠣᠪᠣᠳ (3.6) ᠂ ᠵᠣᠨ᠎ᠠ (3.7) ᠂ ᠰᠢᠶᠡᠩ ᠮᠸᠢ (3.8) ᠂ ᠰᠣᠷᠣᠨ᠎ᠠ (3.9) ᠂ ᠰᠣᠪᠣᠳᠴᠢᠮᠡᠭ᠌ (3.10 ) ᠂ ᠬᠠᠢᠷ᠎ᠠ (3.11) ᠂ ᠰᠢᠨ᠋ᠠᠳ᠋ᠢᠪ (3.11) ᠂ ᠬᠠᠩᠭᠠᠢ (3.12) ᠂ ᠠᠨᠳ᠋ᠠ (3.12) ᠂ ᠴᠠᠰᠣᠨ᠎ᠠ (3.12) ᠵᠡᠷᠭᠡ ᠰᠢᠯᠢᠳ᠋ᠡᠭ᠌ ᠲᠡᠬᠦᠰᠦᠭ᠍ᠰᠡᠨ ᠰᠤᠷᠤᠭᠴᠢ ᠶᠢᠨ ᠨᠡᠷᠡᠰ ᠢ ᠨᠡᠢᠳ᠋ᠡᠯᠡᠪᠠ ᠃

5. ᠮᠣᠷᠠᠯ ᠤᠨ ᠭᠦᠮᠣᠵᠢᠯ ᠤᠨ ᠭᠠᠵᠠᠷ ᠤᠨ ᠳᠡᠳ᠋ ᠡᠷᠬᠢᠯᠡᠭᠴᠢ ᠰᠠᠢᠵᠢᠷᠠᠬᠣ ᠠ᠋ᠴᠠ 《 ᠰᠤᠶᠤᠯ ᠤᠨ ᠠᠯᠳ᠋ᠠᠨ ᠦᠯᠦᠭᠡᠢ 》  ᠰᠤᠷᠤᠯᠭ᠎ᠠ ᠶᠢᠨ ᠱᠠᠩᠨ᠋ᠠᠯ ᠤᠨ ᠰᠠᠭᠤᠷᠢ ᠮᠦ᠋ᠩᠬᠦᠨ ᠦ ᠰᠠᠩ ᠳᠤ ᠮᠦ᠋ᠩᠬᠦ ᠬᠠᠨᠳ᠋ᠢᠪᠯᠠᠪᠠ ᠃

6. ᠡᠯ᠎ᠡ ᠠᠩᠬᠢ ᠶᠢᠨ ᠠᠩᠬᠢ ᠶᠢᠨ ᠲᠠᠷᠤᠭ᠎ᠠ ᠨᠠᠷ ᠠᠩᠬᠢ ᠶᠢᠨ ᠨᠤᠮ ᠤᠨ ᠪᠤᠯᠤᠩ ᠤᠨ ᠨᠤᠮ ᠵᠢᠴᠢ ᠬᠡᠷᠡᠭᠴᠡᠭᠡᠳ᠋ᠤ ᠨᠤᠮ ᠢᠶᠡᠨ ᠰᠤᠷᠭᠠᠭᠤᠯᠢ ᠶᠢᠨ ᠨᠤᠮ ᠤᠨ ᠰᠠᠩ ᠳᠤ ᠬᠠᠨᠳ᠋ᠢᠪᠯᠡᠪᠠ ᠃

7. ᠰᠤᠷᠤᠭᠴᠢ ᠶᠢᠨ ᠲᠦ᠋ᠯᠦᠭᠡᠯᠡᠭᠴᠢ ᠭᠣᠶᠣᠬᠠᠨ ᠠ᠋ᠴᠠ ᠪᠠᠶᠠᠷ ᠲᠠᠯᠠᠷᠬᠠᠯ ᠤᠨ ᠦᠭᠡ ᠬᠡᠯᠡᠪᠡ ᠃

8. ᠬᠢᠴᠢᠶᠡᠯᠯᠡᠭᠴᠢ ᠪᠠᠭᠰᠢ ᠶᠢᠨ ᠲᠦ᠋ᠯᠦᠭᠡᠯᠡᠭᠴᠢ ᠪᠦᠷᠢᠨᠵᠢᠷᠭᠠᠯ ᠠ᠋ᠴᠠ ᠢᠷᠦᠭᠡᠯ ᠬᠠᠢᠷᠠᠯᠠᠪᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号