123456 0476-6223398
ᠪᠣᠯᠤᠷ ᠡᠷᠢᠬᠡ
ᠪᠡᠭᠡᠵᠢᠩ ᠶᠡᠭᠡ ᠰᠤᠷᠭᠠᠭᠤᠯᠢ ᠶᠢᠨ ᠫᠷᠤᠹᠸᠰᠰᠤᠷ ᠲᠤᠯᠠᠭᠠᠨ ᠰᠠᠭᠠᠳ᠋ᠠᠵᠣ ᠢᠯᠡᠳᠭᠡᠯ ᠬᠢᠪᠠ
2016.08.19 ᠲᠣᠰ ᠥᠷᠲᠡᠭᠡᠨ ᠦ ᠨᠠᠢᠷᠠᠭᠤᠯᠤᠭᠴᠢ

《 ᠪᠤᠯᠤᠷ ᠡᠷᠢᠭᠡ 》 ᠰᠢᠯᠭᠠᠷᠠᠭᠰᠠᠨ ᠡᠷᠳ᠋ᠡᠮᠳ᠋ᠠᠳ ᠤᠨ ᠰᠤᠩᠭᠤᠳ᠋ᠠᠭ ᠢᠯᠡᠳᠭᠡᠯ ᠤᠨ ᠲᠠᠪᠴᠠᠩ ᠳ᠋ᠤ ᠪᠡᠭᠡᠵᠢᠩ ᠶᠡᠭᠡ ᠰᠤᠷᠭᠠᠭᠤᠯᠢ ᠶᠢᠨ ᠫᠷᠤᠹᠸᠰᠰᠤᠷ ᠲᠤᠯᠠᠭᠠᠨ ᠰᠠᠭᠠᠳ᠋ᠠᠵᠣ ᠢᠯᠡᠳᠭᠡᠯ ᠬᠢᠪᠠ

2016 ᠣᠨ ᠤ 4 ᠰᠠᠷ᠎ᠠ ᠶᠢᠨ 27 ᠤ᠋ ᠦᠳ᠋ᠡ ᠶᠢᠨ ᠡᠮᠣᠨ᠎ᠡ ᠱᠠᠳ᠋ᠣᠯᠢᠭ ᠬᠢᠴᠢᠶᠡᠯ ᠤᠨ ᠭᠡᠷ ᠲᠣ ᠪᠠᠭᠠᠷᠢᠨ ᠪᠠᠷᠠᠭᠣᠨ ᠬᠣᠰᠢᠭᠣᠨ ᠦ ᠠᠷᠠᠳ ᠤᠨ ᠵᠠᠰᠠᠭ ᠤᠨ ᠣᠷᠳ᠋ᠣᠨ ᠠ᠋ᠴᠠ ᠭᠣᠣᠯᠯᠠᠨ ᠡᠷᠬᠢᠯᠡᠵᠣ ᠂ ᠪᠠᠭᠠᠷᠢᠨ ᠪᠠᠷᠠᠭᠣᠨ ᠬᠣᠰᠢᠭᠣᠨ ᠦ ᠳ᠋ᠠᠪᠠᠨ ᠦ ᠨᠢᠭᠡᠳ᠋ᠣᠭᠡᠷ ᠳᠣᠮᠳ᠋ᠠᠳ᠋ᠣ ᠰᠣᠷᠭᠠᠭᠣᠯᠢ ᠠ᠋ᠴᠠ ᠳᠠᠭᠠᠭᠠᠴᠢᠯᠠᠨ ᠡᠷᠬᠢᠯᠡᠵᠣ ᠪᠠᠢᠭ᠎ᠠ 《 ᠪᠤᠯᠤᠷ ᠡᠷᠢᠭᠡ 》 ᠰᠢᠯᠭᠠᠷᠠᠭᠰᠠᠨ ᠡᠷᠳ᠋ᠡᠮᠳ᠋ᠡᠳ ᠤᠨ ᠰᠤᠩᠭᠤᠳ᠋ᠠᠭ ᠢᠯᠡᠳᠭᠡᠯ ᠤᠨ ᠲᠠᠪᠴᠠᠩ ᠳᠤ ᠠᠯᠳ᠋ᠠᠷᠳ᠋ᠤ ᠡᠷᠳ᠋ᠡᠮᠳ᠋ᠠᠨ ᠂ ᠪᠡᠭᠡᠵᠢᠩ ᠶᠡᠭᠡ ᠰᠤᠷᠭᠠᠭᠤᠯᠢ ᠶᠢᠨ ᠫᠷᠤᠹᠸᠰᠰᠤᠷ ᠲᠤᠯᠠᠭᠠᠨ ( ᠴᠸᠨ ᠭᠠᠩ ᠯᠦ᠋ᠩ ) 《 ᠮᠤᠩᠭᠤᠯ ᠵᠠᠯᠠᠭᠤᠴᠤᠳ ᠪᠠ ᠮᠤᠩᠭᠤᠯ ᠰᠤᠶᠤᠯ 》 ᠂ 《 ᠢᠯ ᠬᠠᠭᠠᠨᠳ᠋ᠤ ᠤᠯᠤᠰ ᠤᠨ ᠮᠦ᠋ᠩᠬᠦᠨ ᠵᠤᠭᠤᠰ ᠠ᠋ᠴᠠ ᠢᠰᠯᠠᠮ ᠤᠨ ᠱᠠᠰᠢᠨ ᠦ ᠲᠡᠥᠭᠡᠴᠢᠳ ᠤᠨ ᠲᠡᠮᠳ᠋ᠡᠭᠯᠡᠭ᠍ᠰᠡᠨ ᠠᠯᠤᠩᠭᠤᠸ᠎ᠠ ᠡᠭᠡ ᠶᠢᠨ ᠲᠤᠮᠤᠭ ᠬᠦᠷᠳ᠋ᠡᠯ᠎ᠠ 》 ᠬᠡᠬᠦ ᠭᠠᠷᠴᠠᠭ ᠢᠶᠡᠷ ᠬᠣᠶᠠᠷ ᠳᠠᠯᠠᠪᠠᠢ ᠢᠯᠡᠳᠭᠡᠯ ᠬᠢᠪᠡ ᠃ ᠳᠣᠰ ᠣᠳ᠋ᠠᠭᠠᠨ ᠦ 《 ᠪᠤᠯᠤᠷ ᠡᠷᠢᠭᠡ 》 ᠰᠢᠯᠭᠠᠷᠠᠭᠰᠠᠨ ᠡᠷᠳ᠋ᠡᠮᠳ᠋ᠠᠳ ᠤᠨ ᠰᠤᠩᠭᠤᠳ᠋ᠠᠭ ᠢᠯᠡᠳᠭᠡᠯ ᠤᠨ ᠲᠠᠪᠴᠠᠩ ᠳᠤ ᠮᠠᠨ ᠦ ᠰᠣᠷᠭᠠᠭᠣᠯᠢ ᠶᠢᠨ ᠪᠠᠭᠰᠢ ᠨᠠᠷ ᠪᠠ ᠲᠡᠭᠡᠳ᠋ᠣ ᠭᠣᠷᠪᠠ ᠶᠢᠨ ᠰᠣᠷᠣᠭᠴᠢᠳ ᠵᠢᠠᠷ ᠭᠣᠣᠯᠯᠠᠭᠰᠠᠨ ᠰᠣᠨ᠋ᠣᠰᠣᠭᠴᠢ ᠪᠠ ᠪᠣᠰᠣᠳ ᠰᠣᠶᠣᠯ ᠰᠣᠷᠭᠠᠨ ᠬᠦᠮᠦᠵᠢᠯ ᠤᠨ ᠡᠳ᠋ᠡᠭᠡᠳ ᠤᠨ ᠬᠦᠮᠦᠰ ᠢᠷᠡᠵᠣ ᠰᠣᠨ᠋ᠣᠰᠣᠭᠰᠠᠨ ᠪᠠᠢᠨ᠎ᠠ ᠃

 

 

 

ᠠᠯᠳ᠋ᠠᠷᠳ᠋ᠤ ᠡᠷᠳ᠋ᠡᠮᠳ᠋ᠠᠨ ᠂ ᠢᠷᠠᠭᠤ ᠨᠠᠢᠷᠠᠭᠴᠢ ᠲᠤᠯᠠᠭᠠᠨ 1987 ᠤᠨ ᠳᠤ ᠪᠦᠬᠦ ᠤᠷᠤᠨ ᠦ ᠮᠤᠩᠭᠤᠯ ᠢᠶᠡᠷ ᠰᠢᠯᠭᠠᠭᠤᠯᠤᠭᠰᠠᠨ ᠰᠤᠷᠤᠭᠴᠢ ᠶᠢᠨ ᠲᠤᠳ᠋ᠤᠷ᠎ᠠ 512 ᠬᠤᠪᠢ ᠪᠠᠷ ᠲᠠᠷᠢᠬᠦᠯᠡᠨ ᠲᠦ᠋ᠪ ᠤᠨ ᠦᠨᠳ᠋ᠦᠰᠦᠳ᠋ᠡᠨ ᠦ ᠶᠡᠭᠡ ᠰᠤᠷᠭᠠᠭᠤᠯᠢ ᠶᠢᠨ ᠦᠨᠳ᠋ᠦᠰᠦᠳ᠋ᠡᠨ ᠦ ᠲᠡᠥᠭᠡ ᠶᠢᠨ ᠰᠠᠯᠪᠤᠷᠢ ᠳᠤ ᠰᠤᠷᠤᠯᠴᠠᠵᠤ ᠂1991 ᠤᠨ ᠳᠤ ᠲᠤᠰ ᠰᠤᠷᠭᠠᠭᠤᠯᠢ ᠳᠤ ᠪᠡᠨ ᠮᠤᠩᠭᠤᠯ ᠠᠮᠠᠨ ᠵᠤᠬᠢᠶᠠᠯ ᠤᠨ ᠨᠠᠷᠠᠳ᠋ᠤ ᠡᠷᠳ᠋ᠡᠮᠳ᠋ᠡᠨ ᠮᠠᠨᠳ᠋ᠤᠬᠤ ᠫᠷᠤᠹᠸᠰᠰᠤᠷ ᠤᠨ ᠠᠰᠫᠢᠷᠠᠨᠲ ᠢᠶᠡᠷ ᠰᠢᠯᠭᠠᠨ ᠤᠷᠤᠵᠤ ᠭᠠᠷ ᠤᠨ ᠱᠠᠪᠢ ᠨᠢ ᠪᠤᠯᠵᠤ 1994 ᠤᠨ ᠳᠤ ᠪᠡᠭᠡᠵᠢᠩ ᠤᠨ ᠪᠠᠭᠰᠢ ᠶᠢᠨ ᠶᠡᠭᠡ ᠰᠤᠷᠭᠠᠭᠤᠯᠢ ᠶᠢᠨ ᠲᠤᠮᠳ᠋ᠠᠳ᠋ᠤ ᠤᠯᠤᠰ ᠤᠨ ᠬᠡᠯᠡ ᠤᠳᠬ᠎ᠠ ᠵᠤᠬᠢᠶᠠᠯ ᠤᠨ ᠰᠠᠯᠪᠤᠷᠢ ᠶᠢᠨ ᠳ᠋ᠣᠺᠲ᠋ᠣᠷᠠᠨᠲ  ᠢᠶᠡᠷ ᠰᠢᠯᠭᠠᠨ ᠤᠷᠤᠵᠤ ᠮᠠᠨ ᠦ ᠤᠯᠤᠰ ᠤᠨ ᠠᠮᠠᠨ ᠵᠤᠬᠢᠶᠠᠯ ᠵᠠᠩ ᠤᠢᠯᠠ ᠶᠢᠨ ᠤᠬᠠᠭᠠᠨ ᠦ ᠦᠨᠳ᠋ᠦᠰᠦᠯᠡᠭᠴᠢ ᠵᠦ᠋ᠩ ᠵᠢᠩ ᠸᠸᠨ ᠫᠷᠤᠹᠸᠰᠰᠤᠷ ᠤᠨ ᠭᠠᠷ ᠤᠨ ᠱᠠᠪᠢ ᠪᠤᠯᠵᠤ ᠡᠷᠳ᠋ᠡᠮ ᠰᠢᠨᠵᠢᠯᠡᠭᠡᠨ ᠦ  ᠲᠣᠰᠠᠯᠠᠭᠴᠢ ᠪᠠᠷ ᠠᠵᠢᠯᠯᠠᠵᠠᠢ ᠃ 1997 ᠤᠨ ᠳᠤ ᠳ᠋ᠣᠺᠲ᠋ᠣᠷ ᠴᠤᠯᠠ ᠬᠠᠮᠠᠭᠠᠯᠠᠵᠤ ᠪᠡᠭᠡᠵᠢᠩ  ᠶᠡᠭᠡ ᠰᠤᠷᠭᠠᠭᠤᠯᠢ ᠶᠢᠨ ᠲᠤᠷᠤᠨ᠋ᠠᠳ᠋ᠠᠬᠢᠨ ᠦ ᠰᠤᠳ᠋ᠤᠯᠤᠯ ᠤᠨ ᠰᠠᠯᠪᠤᠷᠢ ᠳᠤ ᠪᠠᠭᠰᠢᠯᠠᠪᠠ ᠃  ᠲᠣᠯᠠᠭᠠᠨ ᠫᠷᠤᠹᠸᠰᠰᠤᠷ ᠮᠤᠩᠭᠤᠯ ᠠᠮᠠᠨ ᠵᠣᠬᠢᠶᠠᠯ ᠵᠠᠩ ᠦᠢᠯᠡ ᠪᠠ ᠲᠤᠷᠤᠨ᠋ᠠᠳ᠋ᠡᠬᠢᠨ ᠦ ᠠᠮᠠᠨ ᠵᠣᠬᠢᠶᠠᠯ ᠤᠨ ᠲᠠᠯ᠎ᠠ ᠪᠠᠷ 《 ᠮᠣᠩᠭᠣᠯ ᠠᠮᠠᠨ ᠵᠣᠬᠢᠶᠠᠯ ᠤᠨ ᠬᠠᠷᠢᠴᠠᠭᠣᠯᠣᠭᠰᠠᠨ ᠰᠣᠳ᠋ᠣᠯᠣᠯ 》 ᠂ 《  ᠮᠠᠩᠭᠤᠰ ᠤᠨ ᠦᠯᠢᠭᠡᠷ  ᠤᠨ ᠰᠣᠳ᠋ᠣᠯᠣᠯ 》 ᠂ 《  ᠲᠣᠷᠣᠨ᠋ᠠᠳ᠋ᠡᠬᠢᠨ ᠦ ᠠᠮᠠᠨ ᠵᠣᠬᠢᠶᠠᠯ ᠤᠨ ᠲᠣᠢᠮᠦ 》  ᠂ 《ᠮᠣᠩᠭᠣᠯ ᠬᠢᠳ᠋ᠡᠣᠨ ᠮᠣᠯᠦᠨ ᠲᠣᠢᠨ ᠦ ᠦᠯᠢᠭᠡᠷ ᠤᠨ ᠬᠠᠷᠢᠴᠠᠭᠤᠯᠣᠭᠰᠠᠨ ᠰᠣᠳ᠋ᠣᠯᠣᠯ 》 ᠵᠡᠷᠬᠡ ᠲᠦ᠋ᠴᠢᠭᠡᠣᠨ ᠡᠷᠳ᠋ᠡᠮ ᠰᠢᠨᠵᠢᠯᠡᠭᠡᠨ ᠦ ᠲᠣᠰᠬᠠᠢ ᠪᠦᠳ᠋ᠦᠭᠡᠯ ᠬᠡᠪᠯᠡᠬᠦᠯᠦᠭ᠍ᠰᠡᠨ ᠪᠡ ᠮᠤᠩᠭᠤᠯ ᠂ ᠬᠢᠳ᠋ᠠᠳ ᠂ ᠶᠠᠫᠤᠨ ᠂ ᠠᠩᠭ᠍ᠯᠢ ᠵᠡᠷᠭᠡ ᠬᠡᠯᠡ ᠪᠠᠷ ᠵᠠᠭᠤ ᠢᠯᠡᠬᠦᠤ ᠡᠷᠳ᠋ᠡᠮ ᠰᠢᠨᠵᠢᠯᠡᠭᠡᠨ ᠦ ᠦᠬᠦᠯᠡᠯ ᠨᠡᠢᠳ᠋ᠡᠯᠡᠵᠤ ᠡᠯᠪᠡᠭ᠌ ᠪᠦᠳ᠋ᠦᠭᠡᠯ ᠦᠯᠡᠮᠵᠢ ᠬᠤᠷᠢᠶᠠᠯᠳ᠋ᠠ ᠤᠯᠤᠭᠰᠠᠨ ᠠ᠋ᠴᠠ ᠾᠦ᠋ᠸᠸ  ᠶᠢᠩ ᠳ᠋ᠦ᠋ᠩ ᠨᠠᠷᠡᠮᠵᠢᠳ᠋ᠤ ᠪᠦᠬᠦ ᠤᠯᠤᠰ ᠤᠨ ᠶᠡᠭᠡ ᠲᠡᠭᠡᠳ᠋ᠤ ᠰᠤᠷᠭᠠᠭᠤᠯᠢ ᠶᠢᠨ ᠵᠠᠯᠠᠭᠤ ᠪᠠᠭᠰᠢ ᠶᠢᠨ ᠱᠠᠩᠨ᠋ᠠᠯ ᠤᠨ ᠨᠢᠭᠡᠳ᠋ᠦᠭᠡᠷ ᠲᠡᠰ ᠤᠨ  ᠱᠠᠩᠨ᠋ᠠᠯ ᠬᠦᠷᠳ᠋ᠡᠪᠡ ᠃ 2006 ᠤᠨ ᠳᠤ ᠤᠯᠤᠰ ᠤᠨ ᠰᠤᠷᠭᠠᠨ ᠬᠦᠮᠦᠵᠢᠯ ᠤᠨ ᠶᠠᠮᠤᠨ ᠦ 《 ᠰᠢᠨ᠎ᠠ ᠵᠠᠭᠤᠨ ᠦ ᠰᠢᠯᠢᠳ᠋ᠡᠭ᠌ ᠴᠢᠳ᠋ᠠᠪᠤᠷᠢᠳ᠋ᠠᠨ 》ᠵᠢᠠᠷ  ᠴᠤᠯᠠᠯᠠᠭᠳ᠋ᠠᠨ ᠱᠠᠩᠨ᠋ᠠᠭᠳ᠋ᠠᠪᠠ ᠃ 《 ᠮᠤᠩᠭᠤᠯ ᠬᠦᠮᠥᠨ 》 ᠬᠡᠬᠦ ᠰᠢᠯᠦᠭ᠌ ᠵᠢᠠᠷ  ᠢᠶᠡᠨ ᠶᠡᠭᠡᠳ᠋ᠠ ᠠᠯᠳ᠋ᠠᠷᠰᠢᠭᠰᠠᠨ ᠲᠤᠯᠠᠭᠠᠨ ᠫᠷᠤᠹᠸᠰᠰᠤᠷ ᠠᠮᠸᠷᠢᠺᠠ ᠤᠯᠤᠰ ᠤᠨ ᠵᠤᠬᠢᠶᠠᠯᠴᠢ ᠾᠸᠮᠢᠩᠸᠠᠢ ᠶᠢᠨ ᠨᠤᠪᠸᠯ ᠤᠨ ᠤᠳᠬ᠎ᠠ ᠵᠤᠬᠢᠶᠠᠯ ᠤᠨ ᠱᠠᠩᠨ᠋ᠠᠯ ᠬᠦᠷᠳ᠋ᠡᠭ᠍ᠰᠡᠨ ᠨᠠᠷᠠᠳ᠋ᠤ ᠲᠤᠭᠤᠵᠢ 《 ᠡᠪᠦᠭᠡᠨ  ᠪᠠ ᠲᠠᠯᠠᠢ 》ᠵᠢ ᠰᠢᠭᠤᠳ ᠠᠩᠭ᠍ᠯᠢ ᠬᠡᠯᠡᠨ ᠠ᠋ᠴᠠ ᠮᠤᠩᠭᠤᠯ ᠬᠡᠯᠡᠨ᠎ᠠ ᠤᠷᠴᠢᠭᠤᠯᠪᠠ ᠃ ᠪᠠᠰᠠ ᠰᠤᠤ ᠪᠢᠯᠢᠭ᠍ᠳ᠋ᠤ ᠵᠤᠬᠢᠶᠠᠯᠴᠢ ᠳ᠋ ᠂ ᠨᠠᠴᠤᠭᠳ᠋ᠤᠷᠵᠢ ᠶᠢᠨ 《 ᠮᠢᠨ᠋ᠤ ᠨᠤᠳ᠋ᠤᠭ 》  ᠰᠢᠯᠦᠭ᠌ ᠢ ᠬᠢᠳ᠋ᠠᠳ ᠬᠡᠯᠡᠨ᠎ᠡ ᠬᠦᠷᠪᠡᠬᠦᠯᠦᠭ᠍ᠰᠡᠨ ᠨᠢ ᠡᠳ᠋ᠦᠭᠡ ᠶᠢᠨ ᠬᠢᠳ᠋ᠠᠳ ᠬᠡᠯᠡᠨ ᠳᠤ ᠬᠢ ᠬᠠᠮᠤᠭ ᠰᠠᠢᠨ ᠤᠷᠴᠢᠭᠤᠯᠭ᠎ᠠ ᠪᠤᠯᠤᠭᠰᠠᠨ ᠬᠡᠳ᠋ᠡᠭ᠌ ᠃ ᠲᠤᠯᠠᠭᠠᠨ ᠫᠷᠤᠹᠸᠰᠰᠤᠷ ᠮᠤᠩᠭᠤᠯ ᠤᠯᠤᠰ ᠤᠨ ᠤᠷᠠᠨ ᠵᠤᠬᠢᠶᠠᠯᠴᠢ ᠯᠤᠭ᠎ᠠ ᠬᠠᠮᠳ᠋ᠤᠷᠠᠨ 《 ᠬᠠᠯᠬ᠎ᠠ ᠬᠡᠥᠭᠡᠨᠴᠤᠳ ᠤᠨ ᠬᠠᠢᠷ᠎ᠠ ᠶᠢᠨ ᠰᠢᠯᠦᠭ᠌ 》 ᠂ 《 ᠮᠤᠩᠭᠤᠯ ᠤᠯᠤᠰ ᠤᠨ  ᠬᠡᠥᠭᠡᠳ ᠤᠨ ᠰᠢᠯᠦᠭ᠌ ᠤᠨ ᠰᠤᠩᠭᠤᠮᠠᠯ 》  ᠂ 《 ᠬᠠᠯᠬ᠎ᠠ ᠬᠠᠷᠠᠴᠤᠤᠯ ᠤᠨ ᠬᠠᠢᠷ᠎ᠠ ᠶᠢᠨ ᠰᠢᠯᠦᠭ᠌ 》  ᠵᠡᠷᠭᠡ ᠶᠢ ᠨᠠᠢᠷᠠᠭᠤᠯᠤᠨ ᠬᠡᠪᠯᠡᠬᠦᠯᠵᠤ ᠦᠪᠤᠷ ᠮᠤᠩᠭᠤᠯ ᠤᠨ ᠤᠩᠰᠢᠭᠴᠢᠳ ᠲᠣ ᠪᠡᠨ ᠬᠦᠷᠭᠡᠵᠡᠢ ᠃ ᠲᠤᠯᠠᠭᠠᠨ ᠭᠤᠸᠠᠢ ᠡᠳ᠋ᠡᠭᠡᠷ ᠤᠯᠠᠨ ᠠᠮᠵᠢᠯᠳ᠋ᠠ ᠪᠦᠳ᠋ᠦᠭᠡᠯ ᠳᠤ ᠪᠡᠨ ᠲᠤᠯᠳ᠋ᠤᠢᠳᠴᠤ ᠪᠦᠬᠦ ᠤᠯᠤᠰ ᠤᠨ ᠴᠦ᠋ᠭᠡᠨ ᠲᠤᠭᠠᠳ᠋ᠤ ᠦᠨᠳ᠋ᠦᠰᠦᠳ᠋ᠡᠨ ᠦ ᠤᠷᠠᠨ ᠵᠤᠬᠢᠶᠠᠯ ᠤᠨ 《 ᠠᠵᠢᠨ᠋ᠠᠢ 》 ᠱᠠᠩᠨ᠋ᠠᠯ ᠂ 《 ᠲᠤᠷᠤᠨ᠎ᠠ 》 ᠤᠳᠬ᠎ᠠ ᠵᠤᠬᠢᠶᠠᠯ ᠤᠨ ᠱᠠᠩᠨ᠋ᠠᠯ ᠂ 《 ᠦᠨᠳ᠋ᠦᠰᠦᠳ᠋ᠡᠨ ᠦ ᠤᠳᠬ᠎ᠠ ᠵᠤᠬᠢᠶᠠᠯ 》 ᠰᠡᠳᠬᠦᠯ ᠤᠨ ᠱᠠᠩᠨ᠋ᠠᠯ ᠵᠡᠷᠭᠡ ᠪᠦᠬᠦ ᠤᠯᠤᠰ ᠤᠨ ᠬᠡᠮᠵᠢᠶᠠᠨ ᠦ ᠤᠷᠠᠨ ᠵᠤᠬᠢᠶᠠᠯ ᠤᠨ ᠱᠠᠩᠨ᠋ᠠᠯ ᠤᠨ ᠰᠢᠯᠭᠠᠷᠠᠭᠤᠯᠤᠯᠳ᠋ᠠ ᠳᠤ ᠠᠯᠪᠠᠨ ᠶᠤᠰᠤᠨ ᠦ ᠰᠢᠬᠦᠭᠴᠢ ᠪᠠᠷ ᠤᠯᠠᠨᠳ᠋ᠠ ᠤᠷᠢᠭᠳ᠋ᠠᠭᠰᠠᠨ ᠶᠤᠮ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号