123456 0476-6223398
ᠪᠣᠯᠤᠷ ᠡᠷᠢᠬᠡ
ᠠᠯᠳ᠋ᠠᠷᠳ᠋ᠣ ᠢᠷᠡᠭᠣ ᠨᠠᠢᠷᠠᠭᠴᠢ ᠵᠢᠩ ᠭᠧ ᠠ᠋ᠴᠠ 《 ᠪᠠᠶᠠᠨ ᠪᠣᠯᠠᠭ ᠠ᠋ᠴᠠ ᠪᠡᠭᠡᠵᠢᠩ ᠭᠦᠷᠭᠦ ᠵᠠᠮ ᠳ᠋ᠤ 》 ᠬᠡᠬᠦ ᠰᠡᠳ᠋ᠦᠪ  ᠢᠶᠡᠷ ᠢᠯᠡᠳᠭᠡᠯ ᠬᠢᠪᠠ
2016.08.19 ᠲᠣᠰ ᠥᠷᠲᠡᠭᠡᠨ ᠦ ᠨᠠᠢᠷᠠᠭᠤᠯᠤᠭᠴᠢ

《 ᠪᠤᠯᠤᠷ ᠡᠷᠢᠭᠡ 》 ᠰᠢᠯᠭᠠᠷᠠᠭᠰᠠᠨ ᠡᠷᠳ᠋ᠡᠮᠳ᠋ᠡᠳ ᠤᠨ ᠰᠤᠩᠭᠤᠳ᠋ᠠᠭ ᠢᠯᠡᠳᠭᠡᠯ ᠤᠨ ᠲᠠᠪᠴᠠᠩ ᠳᠤ ᠠᠯᠳ᠋ᠠᠷᠳ᠋ᠣ ᠢᠷᠡᠭᠣ ᠨᠠᠢᠷᠠᠭᠴᠢ ᠵᠢᠩ  ᠭᠧ  ( ᠰ· ᠪᠠᠶᠠᠨᠴᠠᠭᠠᠨ ) ᠠ᠋ᠴᠠ 《 ᠪᠠᠶᠠᠨ ᠪᠣᠯᠠᠭ ᠠ᠋ᠴᠠ ᠪᠡᠭᠡᠵᠢᠩ ᠭᠦᠷᠭᠦ ᠵᠠᠮ ᠳ᠋ᠤ 》 ᠬᠡᠬᠦ ᠰᠡᠳ᠋ᠦᠪ  ᠢᠶᠡᠷ ᠢᠯᠡᠳᠭᠡᠯ ᠬᠢᠪᠠ

 

 

2016  ᠣᠨ ᠤ 4 ᠰᠠᠷ᠎ᠠ ᠶᠢᠨ 2 ᠤᠨ ᠣᠷᠣᠢ ᠂ ᠱᠠᠳ᠋ᠣᠯᠢᠭ ᠬᠢᠴᠢᠶᠡᠯ ᠤᠨ ᠭᠡᠷ ᠲᠣ ᠂ ᠪᠠᠭᠠᠷᠢᠨ ᠪᠠᠷᠠᠭᠣᠨ ᠬᠣᠰᠢᠭᠣᠨ ᠦ ᠠᠷᠠᠳ ᠤᠨ ᠵᠠᠰᠠᠭ ᠤᠨ ᠣᠷᠳ᠋ᠣᠨ ᠠ᠋ᠴᠠ ᠭᠣᠣᠯᠯᠠᠨ ᠡᠷᠬᠢᠯᠡᠵᠣ ᠂ ᠪᠠᠭᠠᠷᠢᠨ ᠪᠠᠷᠠᠭᠣᠨ ᠬᠣᠰᠢᠭᠣᠨ ᠦ ᠳ᠋ᠠᠪᠠᠨ ᠦ ᠨᠢᠭᠡᠳ᠋ᠣᠭᠡᠷ ᠳᠣᠮᠳ᠋ᠠᠳ᠋ᠣ ᠰᠣᠷᠭᠠᠭᠣᠯᠢ ᠠ᠋ᠴᠠ ᠳᠠᠭᠠᠭᠠᠴᠢᠯᠠᠨ ᠡᠷᠬᠢᠯᠡᠵᠣ ᠪᠠᠢᠭ᠎ᠠ 《 ᠪᠤᠯᠤᠷ ᠡᠷᠢᠭᠡ 》 ᠰᠢᠯᠭᠠᠷᠠᠭᠰᠠᠨ ᠡᠷᠳ᠋ᠡᠮᠳ᠋ᠡᠳ ᠤᠨ ᠰᠤᠩᠭᠤᠳ᠋ᠠᠭ ᠢᠯᠡᠳᠭᠡᠯ ᠤᠨ ᠲᠠᠪᠴᠠᠩ ᠳᠤ ᠠᠯᠳ᠋ᠠᠷᠳ᠋ᠣ ᠢᠷᠡᠭᠣ ᠨᠠᠢᠷᠠᠭᠴᠢ ᠵᠢᠩ  ᠭᠧ( ᠰ· ᠪᠠᠶᠠᠨᠴᠠᠭᠠᠨ ) ᠠ᠋ᠴᠠ 《 ᠪᠠᠶᠠᠨ ᠪᠣᠯᠠᠭ ᠠ᠋ᠴᠠ ᠪᠡᠭᠡᠵᠢᠩ ᠭᠦᠷᠭᠦ ᠵᠠᠮ ᠳ᠋ᠤ 》 ᠬᠡᠬᠦ ᠰᠡᠳ᠋ᠦᠪ  ᠢᠶᠡᠷ ᠢᠯᠡᠳᠭᠡᠯ ᠬᠢᠪᠠ ᠃

 

 

ᠵᠢᠩ  ᠭᠧ ( ᠰ᠊ ᠂  ᠪᠠᠶᠠᠨᠴᠠᠭᠠᠨ ) ᠂ ᠳᠠᠯᠡᠬᠡᠢ ᠶᠢᠨ ᠬᠠᠮᠣᠭ ᠤᠨ ᠳᠣᠮᠣ ᠨᠡᠭᠦᠷᠡᠰᠣᠨ ᠦ ᠦᠢᠯᠡᠳᠪᠣᠷᠢᠯᠡᠯᠳ᠋ᠡ ᠂ ᠪᠣᠷᠣᠯᠠᠭᠣᠯᠣᠯᠳ᠋ᠠ ᠶᠢᠨ ᠺᠣᠮᠫᠠᠨ᠋ᠢ ᠪᠣᠯᠬᠣ ᠱᠸᠨ ᠬᠣᠸᠠ  ᠭ᠍ᠷᠦ᠋ᠫ ᠤᠨ ᠮᠣᠩᠭᠣᠯ ᠳ᠋ᠤ ᠬᠢ ᠳᠦ᠋ᠯᠣᠭᠡᠯᠡᠭᠴᠢ ᠶᠢᠨ ᠭᠠᠵᠠᠷ ᠤᠨ ᠳᠠᠷᠣᠭ᠎ᠠ ᠂ ᠠᠯᠳ᠋ᠠᠷᠳ᠋ᠣ ᠢᠷᠠᠭᠣ ᠨᠠᠢᠷᠠᠭᠴᠢ ᠂ ᠣᠷᠴᠢᠭᠣᠯᠣᠭᠴᠢ ᠃ ᠳᠡᠷᠡ 1967 ᠤᠨ ᠦ 3 ᠰᠠᠷ᠎ᠠ ᠳ᠋ᠤ ᠪᠠᠭᠠᠷᠢᠨ ᠪᠠᠷᠠᠭᠤᠨ ᠬᠤᠰᠢᠭᠤᠨ ᠦ ᠬᠤᠩᠭᠤᠷ ᠰᠤᠮᠤᠨ ᠳ᠋ᠤ ᠪᠠᠬᠰᠢ ᠰᠸᠷᠳ᠋ᠠᠮᠪᠠ ᠂ ᠤᠷᠠᠨᠴᠢᠮᠡᠭ᠌ ᠤᠨ ᠤᠤᠭᠠᠨ ᠬᠦᠦ ᠪᠤᠯᠵᠦ ᠵᠠᠶᠠᠭᠠᠪᠠ ᠃ ᠤᠷᠢᠳ ᠬᠤᠵᠢᠳ ᠪᠠᠶᠠᠨᠪᠤᠯᠠᠭ ᠪᠠᠭ᠎ᠠ ᠰᠤᠷᠭᠠᠭᠤᠯᠢ ᠂ ᠰᠠᠢᠨᠤ᠋ᠰᠤ ᠪᠠᠭ᠎ᠠ ᠰᠤᠷᠭᠠᠭᠤᠯᠢ ᠂ ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠂ ᠤᠯᠠᠭᠠᠨᠬᠠᠳ᠋ᠠ ᠵᠢᠨ ᠮᠤᠩᠭᠤᠯ ᠲᠤᠮᠳ᠋ᠠᠳ᠋ᠤ ᠰᠤᠷᠭᠠᠭᠤᠯᠢ ᠳ᠋ᠤ ᠰᠤᠷᠤᠯᠴᠠᠵᠦ ᠂1989 ᠣᠨ ᠳ᠋ᠤ ᠦᠪᠦᠷ ᠮᠤᠩᠭᠤᠯ ᠤᠨ ᠶᠡᠬᠡ ᠰᠤᠷᠭᠠᠭᠤᠯᠢ ᠡᠴᠡ ᠲᠡᠭᠦᠰᠪᠡ ᠃ ᠤᠶᠤᠳ᠋ᠠᠨ ᠠᠬᠤᠢ ᠴᠠᠭ ᠲᠣ ᠪᠡᠨ ᠢᠷᠠᠭᠤ ᠨᠠᠢᠷᠠᠭ ᠵᠢᠡᠷ ᠵᠢᠡᠨ ᠤᠯᠠᠨ᠎ᠠ ᠲᠠᠨ᠋ᠢᠬᠳ᠋ᠠᠵᠦ ᠶᠠᠪᠤᠬᠰᠠᠨ ᠵᠢᠡᠨ ᠠᠵᠢᠯ ᠤᠨ ᠭᠠᠷᠤᠭ᠎ᠠ ᠪᠠᠨ ᠦᠪᠦᠷ ᠮᠤᠩᠭᠤᠯ ᠤᠨ ᠤᠯᠠᠨ ᠤᠯᠤᠰ ᠤᠨ ᠠ᠋ᠳ᠋ ᠤᠨ ᠵᠠᠰᠠᠭ ᠲᠸᠭ᠍ᠨ᠋ᠢᠭ᠌ ᠤᠨ ᠬᠠᠮᠳ᠋ᠤ ᠵᠢᠨ ᠠᠵᠢᠯᠯᠠᠭᠠᠨ ᠦ ᠺᠤᠮᠫᠠᠨ᠋ᠢ ᠡᠴᠡ ᠠ᠋ᠬᠢᠯᠡᠭ᠍ᠰᠡᠨ ᠡᠴᠡ ᠬᠤᠢᠰᠢ ᠲᠤᠮᠳ᠋ᠠᠳ᠋ᠤ ᠮᠤᠩᠭᠤᠯ ᠤᠨ ᠬᠤᠭᠤᠷᠤᠨᠳ᠋ᠤᠬᠢ ᠬᠤᠳ᠋ᠠᠯᠳ᠋ᠤᠭ᠎ᠠ ᠂ ᠠ᠋ᠳ᠋ ᠤᠨ ᠵᠠᠰᠠᠭ ᠤᠨ ᠬᠠᠮᠳ᠋ᠤ ᠵᠢᠨ ᠠᠵᠢᠯᠯᠠᠭᠠᠨ ᠦ ᠰᠠᠯᠪᠤᠷᠢ ᠳ᠋ᠤ ᠲᠤᠯᠤᠳ᠋ᠠᠬᠢ ᠵᠢᠯ ᠳ᠋ᠤ ᠪᠡᠨ ᠬᠦᠳ᠋ᠡᠯᠮᠦᠷᠢᠯᠡᠵᠦ ᠶᠠᠪᠤᠨ᠎ᠠ ᠃

2005 ᠤᠨ ᠡᠴᠡ ᠱᠸᠨ ᠬᠤᠸᠠ ᠭ᠍ᠷᠦ᠋ᠫ ᠤᠨ ᠮᠤᠩᠭᠤᠯ ᠳ᠋ᠤ ᠬᠢ ᠲᠦ᠋ᠯᠦᠭᠡᠯᠡᠭᠴᠢ ᠵᠢᠨ ᠭᠠᠵᠠᠷ ᠤᠨ ᠠᠯᠪᠠ ᠵᠢ ᠬᠠᠰᠢᠵᠦ ᠪᠤᠢ ᠃ ᠰ᠊᠊ ᠂ ᠪᠠᠶᠨᠨᠴᠠᠭᠠᠨ ᠪᠤᠯ ᠮᠠᠨ ᠦ ᠵᠠᠯᠠᠭᠤ ᠨᠢᠭᠡ ᠦᠶ᠎ᠡ ᠵᠢᠨ ᠬᠢᠨ ᠦ ᠲᠠᠭᠤᠷᠢᠶᠠᠯ ᠪᠤᠯᠤᠬᠰᠠᠨ ᠢᠷᠠᠭᠤ ᠨᠠᠢᠷᠠᠬᠴᠢ ᠪᠦᠭᠡᠳ ᠢᠷᠠᠭᠤ ᠨᠠᠢᠷᠠᠭ ᠡᠴᠡ ᠮᠠᠢᠮᠠᠢ ᠬᠤᠳ᠋ᠠᠯᠳ᠋ᠤᠭᠠᠨ ᠳ᠋ᠤ ᠠ᠋ᠷᠳ᠋ᠡ ᠤᠷᠤᠵᠦ ᠂ ᠠᠮᠵᠢᠯᠳ᠋ᠠ ᠲᠡᠢ ᠠᠵᠢᠯᠯᠠᠵᠦ ᠢᠷᠡᠭ᠍ᠰᠡᠨ ᠨᠢᠭᠡᠨ ᠶᠤᠮ ᠂ ᠲᠡᠷᠡ ᠬᠡᠳ᠋ᠦ᠋ᠢᠪᠡᠷ ᠮᠠᠢᠮᠠᠢ ᠬᠤᠳ᠋ᠠᠯᠳ᠋ᠤᠭᠠᠨ ᠳ᠋ᠤ ᠬᠤᠷᠢ ᠭᠠᠷᠤᠢ ᠵᠢᠯ ᠠᠵᠢᠯᠯᠠᠵᠦ ᠪᠠᠢᠭ᠎ᠠ ᠪᠤᠯᠪᠠᠴᠦ ᠢᠷᠠᠭᠤ ᠨᠠᠢᠷᠠᠭ ᠤᠷᠠᠨ ᠵᠤᠬᠢᠶᠠᠯ ᠡᠴᠡ ᠪᠠᠨ ᠶᠡᠷᠦ ᠡᠴᠡ ᠬᠤᠯᠠᠳ᠋ᠠᠭ᠎ᠠ ᠦᠭᠡᠢ ᠠᠪᠢᠶᠠᠰᠯᠢᠭ ᠤᠷᠠᠨ ᠵᠤᠬᠢᠶᠠᠯᠴᠢ ᠶᠤᠮ ᠃

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号