123456 0476-6223398
ᠪᠣᠯᠤᠷ ᠡᠷᠢᠬᠡ
《 ᠪᠣᠯᠣᠷ ᠡᠷᠢᠭᠡ 》 ᠰᠢᠯᠭᠠᠷᠠᠭᠰᠠᠨ ᠡᠷᠳ᠋ᠡᠮᠳ᠋ᠠᠳ ᠤᠨ ᠰᠤᠩᠭᠤᠳ᠋ᠠᠭ ᠢᠯᠡᠳᠭᠡᠯ ᠤᠨ ᠲᠠᠪᠴᠠᠩ ᠳᠤ ᠤᠶᠤᠨᠪᠢᠯᠢᠭ᠌ ᠫᠷᠣᠹᠸᠰᠰᠣᠷ ᠡᠷᠳ᠋ᠡᠮ ᠰᠢᠨᠵᠢᠯᠡᠭᠡᠨ ᠦ ᠢᠯᠡᠳᠭᠡᠯ ᠬᠢᠯ᠎ᠠ
2016.08.19 ᠲᠣᠰ ᠥᠷᠲᠡᠭᠡᠨ ᠦ ᠨᠠᠢᠷᠠᠭᠤᠯᠤᠭᠴᠢ

2015ᠤᠨ ᠤ 12 ᠰᠠᠷ᠎ᠠ ᠶᠢᠨ 4 ᠤ᠋ ᠦᠳ᠋ᠡ ᠶᠢᠨ ᠬᠣᠢᠨ᠎ᠠ ᠂ ᠲᠤᠮᠳ᠋ᠠᠳ᠋ᠤ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ ᠤᠶᠤᠨᠪᠢᠯᠢᠭ᠌ ᠫᠷᠤᠹᠸᠰᠰᠤᠷ ᠂ ᠪᠠᠭᠠᠷᠢᠨ ᠪᠠᠷᠠᠭᠤᠨ ᠬᠤᠰᠢᠭᠤᠨ ᠦ ᠠᠷᠠᠳ ᠤᠨ ᠵᠠᠰᠠᠭ ᠤᠨ ᠤᠷᠳ᠋ᠤᠨ ᠠ᠋ᠴᠠ ᠭᠤᠤᠯᠯᠠᠨ ᠡᠷᠬᠢᠯᠡᠵᠦ ᠂ ᠪᠠᠭᠠᠷᠢᠨ ᠪᠠᠷᠠᠭᠤᠨ ᠬᠤᠰᠢᠭᠤᠨ ᠦ ᠳ᠋ᠠᠪᠠᠨ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠠ᠋ᠴᠠ ᠲᠠᠭᠠᠭᠠᠴᠢᠯᠠᠨ ᠡᠷᠬᠢᠯᠠᠵᠣ ᠪᠠᠢᠭ᠎ᠠ 《 ᠪᠤᠯᠤᠷ ᠡᠷᠢᠭᠡ 》 ᠰᠢᠯᠭᠠᠷᠠᠭᠰᠠᠨ ᠡᠷᠳ᠋ᠡᠮᠳ᠋ᠠᠳ ᠤᠨ ᠰᠤᠩᠭᠤᠳ᠋ᠠᠭ ᠢᠯᠡᠳᠭᠡᠯ ᠤᠨ ᠲᠠᠪᠴᠠᠩ ᠳᠤ 《 ᠬᠠᠯᠬ᠎ᠠ ᠲᠦ᠋ᠮᠡᠨ ᠠ᠋ᠴᠠ ᠪᠠᠭᠠᠷᠢᠨ ᠵᠠᠰᠠᠭ ᠬᠤᠰᠢᠭᠤ ᠬᠦᠷᠳ᠋ᠡᠯ᠎ᠠ 》 ᠂ 《 ᠬᠣᠪᠢᠯᠭᠠᠨ ᠬᠣᠳ᠋ᠣᠭᠳ᠋ᠣ ᠂  ᠬᠠᠳ᠋ᠠᠨ ᠪᠠᠭᠠᠳ᠋ᠣᠷ ᠬᠢᠭᠡᠳ ᠢᠯᠠᠭᠳᠠᠭᠴᠢ  ᠆ ᠮᠠᠨᠵᠣ ᠮᠣᠩᠭᠣᠯ ᠲᠠᠩᠰᠠ ᠬᠢᠭᠡᠳ ᠲᠡᠣᠭᠡᠨ ᠶᠠᠪᠣᠴᠨ ᠳᠤ ᠪᠦᠷᠢᠯᠳ᠋ᠦᠭ᠍ᠰᠡᠨ ᠭᠠᠯᠳ᠋ᠠᠨ ᠦ ᠲᠦ᠋ᠷᠢ  》 ᠬᠡᠬᠦ ᠬᠣᠶᠠᠷ ᠰᠡᠳ᠋ᠦᠪ ᠢᠶᠡᠷ ᠬᠣᠶᠠᠷ ᠲᠠᠯᠠᠪᠠᠢ ᠡᠷᠳ᠋ᠡᠮ ᠰᠢᠨᠵᠢᠯᠡᠭᠡᠨ ᠦ ᠢᠯᠡᠳᠭᠡᠯ ᠬᠢᠵᠠᠢ ᠃

 

ᠡᠷᠳ᠋ᠡᠮᠳ᠋ᠡᠨ ᠤᠶᠤᠨᠪᠢᠯᠢᠭ᠌ ᠪᠣᠯ ᠦᠪᠦᠷ ᠮᠣᠩᠭᠣᠯ ᠤᠨ ᠪᠠᠭᠠᠷᠢᠨ ᠪᠠᠷᠭᠣᠨ ᠬᠣᠰᠢᠭᠣ ᠶᠢᠨ ᠰᠢᠷᠠᠮᠦ᠋ᠷᠡᠨ ᠰᠣᠮᠣ ᠳᠤ ᠲᠦ᠋ᠷᠦᠵᠣ ᠦᠰᠦᠭ᠍ᠰᠡᠨ ᠂ ᠣᠳ᠋ᠣ  ᠪᠠᠷ ᠲᠤᠮᠳ᠋ᠠᠳ᠋ᠤ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ ᠫᠷᠤᠹᠸᠰᠰᠤᠷ ᠂ ᠲᠤᠮᠳ᠋ᠠᠳ᠋ᠤ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ ᠣᠯᠣᠰ ᠤᠨ  ᠡᠷᠳ᠋ᠡᠮ ᠤᠨ ᠬᠦᠷᠢᠶᠠᠯᠠᠩ ᠤᠨ ᠪᠠᠢᠩᠭᠤ ᠶᠢᠨ ᠲᠡᠳ᠋ ᠵᠠᠬᠢᠷᠦᠯ ᠂ ᠴᠢᠩ ᠤᠯᠤᠰ ᠤᠨ ᠲᠡᠥᠭᠡ ᠶᠢᠨ ᠰᠤᠳ᠋ᠤᠯᠤᠯ ᠤᠨ ᠰᠠᠯᠪᠤᠷᠢ ᠶᠢᠨ ᠮᠠᠨᠵᠤ ᠰᠤᠷᠪᠤᠯᠵᠢ ᠪᠢᠴᠢᠭ᠌ ᠤᠨ ᠰᠤᠳ᠋ᠤᠯᠤᠯ ᠤᠨ ᠲᠦ᠋ᠪ ᠤᠨ ᠡᠷᠬᠢᠯᠡᠭᠴᠢ ᠂ ᠲᠤᠮᠳ᠋ᠠᠳ᠋ᠤ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ ᠡᠷᠳ᠋ᠡᠮ ᠰᠢᠨᠵᠢᠯᠡᠭᠡᠨ ᠦ ᠵᠦ᠋ᠪᠯᠡᠯ ᠤᠨ ᠬᠡᠰᠢᠬᠦᠨ ᠂ ᠲᠤᠮᠳ᠋ᠠᠳ᠋ᠤ ᠤᠯᠤᠰ ᠤᠨ ᠮᠤᠩᠭᠤᠯ ᠲᠡᠥᠭᠡ ᠰᠤᠳ᠋ᠤᠯᠤᠯ ᠤᠨ ᠨᠡᠢᠭᠡᠮᠯᠢᠭ᠌ ᠤᠨ ᠲᠠᠷᠤᠭ᠎ᠠ ᠂ ᠲᠤᠮᠳ᠋ᠠᠳ᠋ᠤ ᠤᠯᠤᠰ ᠤᠨ ᠦᠨᠳ᠋ᠦᠰᠦᠳ᠋ᠡᠨ ᠦ ᠲᠡᠥᠭᠡ ᠰᠤᠳ᠋ᠤᠯᠤᠯ ᠤᠨ ᠨᠡᠢᠭᠡᠮᠯᠢᠭ᠌ ᠤᠨ ᠬᠡᠷᠡᠭ᠌ ᠡᠷᠬᠢᠯᠡᠭᠴᠢ  ᠵᠡᠷᠭᠡ ᠲᠣᠰᠢᠶᠠᠯ ᠢ ᠡᠬᠦᠷᠬᠡᠯᠡᠵᠣ ᠂ ᠮᠤᠩᠭᠤᠯ ᠤᠨ ᠲᠡᠥᠭᠡ ᠰᠤᠳ᠋ᠤᠯᠤᠯ ᠂ ᠮᠠᠨᠵᠤ ᠮᠤᠩᠭᠤᠯ ᠰᠤᠷᠪᠤᠯᠵᠢ ᠪᠢᠴᠢᠭ᠌ ᠤᠨ ᠰᠤᠳ᠋ᠤᠯᠤᠯ ᠂ ᠮᠤᠩᠭᠤᠯ ᠲᠦ᠋ᠪᠡᠳ ᠤᠨ ᠬᠠᠷᠢᠴᠠᠭᠠᠨ ᠦ ᠰᠤᠳ᠋ᠤᠯᠤᠯ ᠵᠢᠴᠢ ᠴᠢᠩ ᠤᠯᠤᠰ ᠤᠨ ᠲᠡᠥᠭᠡ ᠶᠢᠨ ᠰᠤᠳ᠋ᠤᠯᠭᠠᠨ ᠵᠡᠷᠭᠡ ᠲᠠᠯ᠎ᠠ ᠪᠠᠷ ᠦᠨᠳ᠋ᠦᠷ ᠠᠮᠵᠢᠯᠳ᠋ᠠ ᠲᠡᠢ ᠪᠠᠢᠵᠤ ᠮᠤᠩᠭᠤᠯ ᠂ ᠶᠠᠫᠤᠨ ᠂ ᠠᠮᠸᠷᠢᠺᠠ ᠂ ᠭ᠍ᠸᠷᠮᠠᠨ ᠂ ᠹᠷᠠᠨᠽᠢ ᠵᠡᠷᠭᠡ ᠤᠯᠤᠰ ᠤᠷᠤᠨ ᠢᠶᠡᠷ ᠲᠡᠯᠡᠭᠡᠢ ᠶᠢᠨ ᠡᠷᠳ᠋ᠡᠮ ᠰᠢᠨᠵᠢᠯᠡᠭᠡᠨ ᠦ ᠬᠤᠷᠠᠯ ᠳᠤ ᠤᠯᠠᠨᠳ᠋ᠠ ᠤᠷᠢᠭᠳ᠋ᠠᠨ ᠤᠷᠤᠯᠴᠠᠵᠠᠢ ᠃ ᠡᠷᠳ᠋ᠡᠮ ᠰᠢᠨᠵᠢᠯᠡᠭᠡᠨ ᠦ  ᠲᠤᠰᠬᠠᠢ ᠨᠤᠮ ᠪᠦᠳ᠋ᠦᠭᠡᠯ  ᠪᠠ ᠡᠬᠢ ᠮᠠᠲ᠋ᠸᠷᠢᠶᠠᠯ ᠤᠨ ᠡᠮᠬᠢᠳᠭᠡᠯ ᠬᠡᠪᠯᠡᠬᠦᠯᠥᠨ ᠂ ᠤᠯᠤᠰ ᠤᠨ ᠲᠤᠳ᠋ᠤᠭᠠᠳ᠋ᠤ ᠭᠠᠳ᠋ᠠᠭᠠᠳ᠋ᠤ ᠶᠢᠨ ᠨᠤᠮ ᠰᠡᠳᠬᠦᠯ ᠳᠤ ᠭ᠍ᠸᠷᠮᠠᠨ ᠂ ᠠᠩᠭ᠍ᠯᠢ ᠂ ᠶᠠᠫᠤᠨ ᠂ ᠮᠤᠩᠭᠤᠯ ᠂ ᠬᠢᠳ᠋ᠠᠳ ᠬᠡᠯᠡ ᠪᠠᠷ ᠲᠠᠯᠠ ᠭᠠᠷᠤᠢ ᠡᠷᠳ᠋ᠡᠮ ᠰᠢᠨᠵᠢᠯᠡᠭᠡᠨ ᠦ ᠦᠬᠦᠯᠡᠯ ᠨᠠᠢᠳ᠋ᠡᠯᠡᠬᠦᠯᠵᠠᠢ ᠃

1. ᠣᠶᠣᠨᠪᠢᠯᠢᠭ᠌ ᠫᠷᠣᠹᠸᠰᠰᠣᠷ ᠠ᠋ᠴᠠ ᠦᠪᠡᠷ ᠤᠨ ᠭᠡᠪᠯᠡᠬᠦᠯᠦᠭ᠍ᠰᠡᠨ ᠵᠣᠬᠢᠶᠠᠯ ᠪᠦᠳ᠋ᠦᠭᠡᠯ ᠵᠢᠠᠨ ᠳ᠋ᠠᠪᠠᠨ ᠨᠢᠭᠡᠳ᠋ᠣᠭᠡᠷ ᠲᠣᠮᠳ᠋ᠠᠳ᠋ᠣ ᠰᠣᠷᠭᠠᠭᠣᠯᠢ ᠳᠤ ᠪᠡᠯᠡᠭᠯᠡᠵᠠᠢ ᠃

2. ᠤᠶᠦᠨᠪᠢᠯᠢᠭ᠌ ᠫᠷᠣᠹᠸᠰᠰᠣᠷ 《 ᠬᠠᠯᠬ᠎ᠠ ᠲᠦ᠋ᠮᠡᠨ ᠠ᠋ᠴᠠ ᠪᠠᠭᠠᠷᠢᠨ ᠵᠠᠰᠠᠭ ᠬᠤᠰᠢᠭᠤ  ᠬᠦᠷᠳ᠋ᠡᠯ᠎ᠠ 》 ᠭᠡᠬᠦ ᠢᠯᠡᠳᠭᠡᠯ ᠳ᠋ᠤ ᠪᠡᠨ ᠲᠠᠶᠣᠨ ᠬᠠᠭᠠᠨ ᠪᠠ ᠵᠢᠷᠭᠣᠭᠠᠨ ᠲᠦ᠋ᠮᠡᠨ ᠂ ᠬᠠᠯᠬ᠎ᠠ ᠲᠦ᠋ᠮᠡᠨ ᠪᠠ ᠲᠡᠭᠦᠨ ᠦ ᠡᠬᠦᠰᠦᠯ ᠭᠠᠷᠣᠯ ᠂ ᠬᠠᠯᠬ᠎ᠠ ᠲᠦ᠋ᠮᠡᠨ ᠦ ᠵᠡᠬᠦᠨ ᠭᠠᠷ ᠡᠮᠣᠨ᠋ᠡᠰᠢ ᠨᠡᠬᠦᠭ᠍ᠰᠡᠨ ᠬᠢᠭᠡᠳ ᠦᠪᠦᠷ ᠲᠠᠪᠣᠨ ᠬᠠᠯᠬ᠎ᠠ ᠠᠢᠮᠠᠭ ᠤᠨ ᠪᠦᠷᠢᠯᠳ᠋ᠦᠭ᠍ᠰᠡᠨ ᠂ ᠦᠪᠦᠷ ᠲᠠᠪᠣᠨ ᠬᠠᠯᠬ᠎ᠠ ᠪᠠ ᠠᠢᠰᠢᠨ ᠬᠦᠷᠦᠨ ᠦ ᠬᠠᠷᠢᠴᠠᠭ᠎ᠠ ᠵᠢᠴᠢ ᠪᠠᠭᠠᠷᠢᠨ ᠵᠠᠰᠠᠭ ᠬᠣᠰᠢᠭᠣᠨ ᠦ ᠪᠠᠢᠭᠣᠯᠣᠭᠳ᠋ᠠᠭᠰᠠᠨ ᠂ ᠪᠠᠭᠠᠷᠢᠨ ᠬᠣᠰᠢᠭᠣᠨ ᠦ ᠨᠣᠳ᠋ᠣᠭ ᠵᠢᠴᠢ ᠸᠠᠩ ᠬᠦᠩ ᠨᠠᠷ ᠪᠠ ᠮᠠᠨᠵᠣ ᠬᠠᠭᠠᠳ  ᠤᠨ ᠬᠠᠷᠢᠴᠠᠭ᠎ᠠ ᠶᠢ ᠲᠡᠯᠡᠭᠡᠢ ᠶᠢᠨ ᠡᠷᠳ᠋ᠡᠮ ᠰᠢᠨᠵᠢᠯᠡᠭᠡᠨ ᠦ ᠬᠠᠷᠠᠭᠠᠰᠣ ᠠ᠋ᠴᠠ ᠨᠠᠷᠢᠨ ᠲᠠᠢᠯᠪᠦᠷᠢᠯᠠᠵᠣ ᠬᠦᠨᠴᠨ ᠲᠡᠢ ᠦᠬᠦᠯᠡᠭ᠍ᠰᠡᠨ ᠪᠠᠢᠨ᠎ᠠ ᠃

3. 《 ᠬᠣᠪᠢᠯᠭᠠᠨ ᠬᠣᠳ᠋ᠣᠭᠳ᠋ᠣ ᠂ ᠬᠠᠳ᠋ᠠᠨ ᠪᠠᠭᠠᠳ᠋ᠣᠷ ᠬᠢᠭᠡᠳ ᠢᠯᠠᠭᠳᠠᠭᠴᠢ ᠆ ᠮᠠᠨᠵᠣ ᠮᠣᠩᠭᠣᠯ ᠲᠠᠩᠰᠠ ᠬᠢᠭᠡᠳ ᠲᠡᠣᠭᠡᠨ ᠶᠠᠪᠣᠴᠨ ᠳᠤ ᠪᠦᠷᠢᠯᠳ᠋ᠦᠭ᠍ᠰᠡᠨ ᠭᠠᠯᠳ᠋ᠠᠨ ᠦ ᠲᠦ᠋ᠷᠢ 》ᠭᠡᠬᠦ ᠢᠯᠡᠳᠭᠡᠯ ᠳ᠋ᠤ ᠪᠡᠨ ᠬᠠᠷᠢ ᠣᠯᠣᠰ ᠣᠷᠣᠨ ᠠ᠋ᠴᠠ ᠠᠩᠬ᠎ᠠ ᠣᠯᠳ᠋ᠠᠭᠰᠠᠨ ᠡᠭᠡ ᠮᠠᠲ᠋ᠸᠷᠢᠶᠠᠯ ᠳᠤ ᠰᠠᠭᠣᠷᠢᠯᠠᠵᠣ ᠂ ᠵᠢᠷᠣᠭ ᠪᠠᠷᠢᠮᠳ᠋ᠡ ᠲᠡᠢ ᠨᠠᠷᠢᠯᠢᠭ ᠲᠣᠪᠴᠢ ᠲᠣᠳ᠋ᠣᠷᠬᠠᠢ ᠲᠠᠢᠯᠪᠣᠷᠢᠯᠡᠨ ᠶᠠᠷᠢᠭᠰᠠᠨ ᠪᠠᠢᠨ᠎ᠠ ᠃

ᠳᠣᠰ ᠣᠳ᠋ᠠᠭᠠᠨ ᠦ 《 ᠪᠤᠯᠤᠷ ᠡᠷᠢᠭᠡ 》 ᠰᠢᠯᠭᠠᠷᠠᠭᠰᠠᠨ ᠡᠷᠳ᠋ᠡᠮᠳ᠋ᠠᠳ ᠤᠨ ᠰᠤᠩᠭᠤᠳ᠋ᠠᠭ ᠢᠯᠡᠳᠭᠡᠯ ᠤᠨ ᠲᠠᠪᠴᠠᠩ ᠳᠤ ᠮᠠᠨ ᠦ ᠰᠣᠷᠭᠠᠭᠣᠯᠢ ᠶᠢᠨ ᠪᠠᠭᠰᠢ ᠰᠣᠷᠣᠭᠴᠢᠳ ᠪᠠ ᠨᠡᠢᠭᠡᠮ ᠤᠨ ᠡᠯ᠎ᠡ ᠡᠳ᠋ᠡᠭᠡᠳ ᠤᠨ ᠲᠠᠪᠣᠨ ᠵᠠᠭᠣ ᠢᠯᠡᠬᠦᠦ ᠬᠦᠮᠦᠨ ᠢᠷᠡᠵᠣ ᠰᠣᠨ᠋ᠣᠰᠣᠭᠰᠠᠨ ᠪᠠᠢᠨ᠎ᠠ ᠃

 

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号