123456 0476-6223398
ᠪᠣᠯᠤᠷ ᠡᠷᠢᠬᠡ
《 ᠪᠤᠯᠤᠷ ᠡᠷᠢᠭᠡ 》 ᠡᠷᠳ᠋ᠡᠮᠳ᠋ᠡᠳ ᠤᠨ ᠢᠯᠡᠳᠭᠡᠯ ᠤᠨ ᠳᠠᠪᠴᠠᠩ ᠤᠨ ᠨᠡᠭᠡᠭᠡᠯᠳ᠋ᠡ ᠶᠢᠨ ᠶᠤᠰᠤᠯᠠᠯ
2016.08.17 ᠲᠣᠰ ᠥᠷᠲᠡᠭᠡᠨ ᠦ ᠨᠠᠢᠷᠠᠭᠤᠯᠤᠭᠴᠢ

2015ᠤᠨ ᠤ 8 ᠰᠠᠷ᠎ᠠ ᠶᠢᠨ 22  ᠤ᠋ᠨ ᠡᠳ᠋ᠣᠷ  ᠪᠠᠭᠠᠷᠢᠨ ᠪᠠᠷᠠᠭᠣᠨ ᠬᠣᠰᠢᠭᠣᠨ ᠦ ᠠᠷᠠᠳ ᠤᠨ ᠵᠠᠰᠠᠭ ᠤᠨ ᠣᠷᠳ᠋ᠦᠨ ᠠ᠋ᠴᠠ ᠭᠣᠣᠯᠯᠠᠨ ᠡᠷᠬᠢᠯᠡᠵᠦ ᠂ ᠪᠠᠭᠠᠷᠢᠨ ᠨᠤᠳ᠋ᠤᠭ ᠤᠨ ᠰᠤᠶᠤᠯ ᠰᠤᠷᠭᠠᠨ ᠭᠦᠮᠦᠵᠢᠯ ᠤᠨ ᠭᠠᠯ ᠭᠤᠯᠤᠮᠳ᠋ᠠ ᠪᠤᠯᠬᠤ ᠆ ᠳ᠋ᠠᠪᠠᠨ ᠦ ᠨᠢᠭᠡᠳ᠋ᠦᠭᠡᠷ ᠳᠤᠮᠳ᠋ᠠᠳ᠋ᠤ ᠰᠤᠷᠭᠠᠭᠤᠯᠢ ᠠ᠋ᠴᠠ ᠳᠠᠭᠠᠭᠠᠴᠢᠯᠠᠨ ᠡᠷᠬᠢᠯᠡᠭ᠍ᠰᠡᠨ 《  ᠪᠤᠯᠤᠷ ᠡᠷᠢᠭᠡ  》 ᠡᠷᠳ᠋ᠡᠮᠳ᠋ᠡᠳ ᠤᠨ ᠢᠯᠡᠳᠭᠡᠯ ᠤᠨ ᠳᠠᠪᠴᠠᠩ  ᠤᠨ ᠨᠡᠭᠡᠭᠡᠯᠳ᠋ᠡ ᠶᠢᠨ ᠶᠤᠰᠤᠯᠠᠯ ᠱᠠᠳ᠋ᠣᠯᠢᠭ ᠬᠢᠴᠢᠶᠡᠯ ᠤᠨ ᠭᠡᠷ ᠲᠣ ᠦᠪᠡᠳ᠋ᠡᠭ᠍ᠰᠢ ᠶᠠᠪᠣᠭᠳ᠋ᠠᠪᠠ ᠃ ᠶᠣᠰᠣᠯᠠᠯ ᠳ᠋ᠤ ᠳᠣᠮᠳ᠋ᠠᠳ᠋ᠣ ᠣᠯᠣᠰ ᠤᠨ ᠨᠡᠢᠭᠡᠮ  ᠦᠨ ᠰᠢᠨᠵᠢᠯᠡᠬᠦ ᠣᠬᠠᠭᠠᠨ ᠦ ᠠᠺᠠᠳᠧᠮᠢ  ᠶᠢᠨ ᠠᠺᠠᠳᠧᠮᠢᠴᠢ᠂  ᠦᠨᠳ᠋ᠦᠰᠦᠳ᠋ᠡᠨ ᠦ ᠣᠳᠬ᠎ᠠ ᠵᠣᠬᠢᠶᠠᠯ ᠰᠣᠳ᠋ᠣᠯᠬᠣ ᠬᠦᠷᠢᠶᠡᠯᠡᠩ ᠦᠨ ᠵᠠᠬᠢᠷᠣᠯ ᠂ ᠳ᠋ᠣᠺᠲ᠋ᠤᠷᠠᠠᠲ  ᠦᠨ ᠵᠢᠯᠣᠭᠣᠳ᠋ᠤᠭᠴᠢ ᠪᠠᠭᠰᠢ ᠂ ᠫᠷᠣᠹᠸᠰᠰᠣᠷ  ᠴᠣᠭᠵᠢᠨ ᠂ ᠣᠯᠠᠭᠠᠬᠠᠨᠳ᠋ᠠ ᠬᠣᠲᠠ ᠶᠢᠨ ᠣᠯᠣᠰ ᠳᠦ᠋ᠷᠦ ᠶᠢᠨ ᠵᠦ᠋ᠪᠯᠡᠯᠭᠡᠨ ᠦ ᠳᠡᠳ᠋ ᠲᠡᠷᠢᠭᠦᠯᠡᠭᠴᠢ  ᠪᠦᠬᠡᠴᠢᠯᠠᠭᠣ ᠂ ᠣᠯᠠᠭᠠᠬᠠᠨᠳ᠋ᠠ ᠬᠣᠲᠠ ᠶᠢᠨ ᠦᠨᠳ᠋ᠦᠰᠦᠳ᠋ᠡᠨ ᠰᠠᠱᠢᠨ ᠰᠢᠳ᠋ᠦᠯᠭᠡ ᠶᠢᠨ ᠳᠣᠪᠴᠢᠶᠠᠨ ᠦ ᠳᠣᠪᠴᠢᠶᠠᠨ ᠳᠠᠷᠣᠭ᠎ᠠ ᠰᠡᠴᠡᠨ ᠂ ᠪᠦᠬᠦ ᠣᠯᠣᠰ ᠤᠨ 《 ᠭᠡᠰᠡᠷ 》ᠤ᠋ᠨ ᠠᠵᠢᠯ ᠤᠨ ᠣᠳ᠋ᠣᠷᠢᠳᠬᠣ ᠳᠣᠭᠣᠢᠯᠠᠩ ᠤᠨ ᠨᠠᠷᠢᠨ ᠪᠢᠴᠢᠭ᠌ ᠦᠨ ᠳᠠᠷᠣᠭ᠎ᠠ ᠂ ᠳ᠋ᠣᠺᠲ᠋ᠣᠷᠠᠠᠲ  ᠦᠨ ᠵᠢᠯᠣᠭᠣᠳ᠋ᠤᠭᠴᠢ ᠪᠠᠭᠰᠢ ᠂ ᠫᠷᠣᠹᠸᠰᠰᠣᠷ ᠰᠡᠴᠡᠨᠮᠦ᠋ᠩᠬᠡ ᠂ ᠪᠠᠭᠠᠷᠢᠨ ᠪᠠᠷᠠᠭᠣᠨ ᠬᠣᠰᠢᠭᠣᠨ ᠦ ᠠᠷᠠᠳ ᠤᠨ ᠵᠠᠰᠠᠭ ᠤᠨ ᠣᠷᠳ᠋ᠣᠨ ᠦ ᠬᠣᠰᠢᠭᠣ ᠳᠠᠷᠣᠭ᠎ᠠ ᠬᠣᠪᠢᠰᠬᠠᠯᠲᠦ ᠂ ᠳᠣᠮᠳ᠋ᠠᠳ᠋ᠣ ᠣᠯᠣᠰ ᠤᠨ ᠨᠡᠢᠭᠡᠮ  ᠦᠨ ᠰᠢᠨᠵᠢᠯᠡᠬᠦ ᠣᠬᠠᠭᠠᠨ ᠦ ᠠᠺᠠᠳᠧᠮᠢ ᠶᠢᠨ ᠦᠨᠳ᠋ᠦᠰᠦᠳ᠋ᠡᠨ ᠦ ᠣᠳᠬ᠎ᠠ ᠵᠣᠬᠢᠶᠠᠯ ᠰᠣᠳ᠋ᠣᠯᠬᠣ ᠬᠦᠷᠢᠶᠡᠯᠡᠩ ᠦᠨ ᠮᠣᠩᠭᠣᠯ ᠳᠠᠰᠣᠭ ᠤᠨ ᠡᠷᠬᠢᠯᠡᠭᠴᠢ ᠂ ᠳ᠋ᠣᠺᠲ᠋ᠣᠷᠠᠠᠲ  ᠤᠨ ᠵᠢᠯᠣᠭᠣᠳ᠋ᠤᠭᠴᠢ ᠪᠠᠭᠰᠢ ᠂ ᠫᠷᠣᠹᠸᠰᠰᠣᠷ ᠰᠡᠴᠡᠨᠪᠠᠲᠦ ᠂ ᠳᠣᠮᠳ᠋ᠠᠳ᠋ᠣ ᠣᠯᠣᠰ ᠤᠨ ᠨᠡᠢᠭᠡᠮ ᠦᠨ ᠰᠢᠨᠵᠢᠯᠡᠬᠦ ᠣᠬᠠᠭᠠᠨ ᠦ ᠠᠺᠠᠳᠧᠮᠢ  ᠶᠢᠨ ᠦᠨᠳ᠋ᠦᠰᠦᠳ᠋ᠡᠨ ᠪᠠ ᠬᠦᠮᠦᠨ ᠵᠦ᠋ᠢ ᠰᠣᠳ᠋ᠣᠯᠬᠣ ᠬᠦᠷᠢᠶᠡᠯᠡᠩ ᠦᠨ ᠫᠷᠣᠹᠸᠰᠰᠣᠷ ᠰᠡᠴᠡᠨᠴᠣᠭᠲᠤ ᠂ ᠳᠣᠮᠳ᠋ᠠᠳ᠋ᠣ ᠣᠯᠣᠰ ᠤᠨ ᠨᠡᠢᠭᠡᠮ  ᠦᠨ ᠰᠢᠨᠵᠢᠯᠡᠬᠦ ᠣᠬᠠᠭᠠᠨ ᠦ ᠠᠺᠠᠳᠧᠮᠢ ᠶᠢᠨ ᠦᠨᠳ᠋ᠦᠰᠦᠳ᠋ᠡᠨ ᠦ ᠣᠳᠬ᠎ᠠ ᠵᠣᠬᠢᠶᠠᠯ ᠰᠣᠳ᠋ᠣᠯᠬᠣ ᠬᠦᠷᠢᠶᠡᠯᠡᠩ ᠦᠨ ᠫᠷᠣᠹᠸᠰᠰᠣᠷ ᠂ ᠳ᠋ᠣᠺᠲ᠋ᠣᠷ  ᠦ· ᠨᠠᠴᠢᠨ ᠂ ᠲᠦ᠋ᠪ ᠦᠨ ᠦᠨᠳ᠋ᠦᠰᠦᠳ᠋ᠡᠨ ᠦ ᠬᠡᠪᠯᠡᠯ ᠦᠨ ᠬᠣᠷᠢᠶ᠎ᠠ ᠶᠢᠨ ᠮᠣᠩᠭᠣᠯ ᠨᠠᠢᠷᠠᠭᠣᠯᠬᠣ ᠳᠠᠰᠣᠭ ᠤᠨ ᠡᠷᠬᠢᠯᠡᠭᠴᠢ ᠂ ᠬᠢᠨ᠋ᠠᠨ ᠨᠠᠢᠷᠠᠭᠣᠯᠣᠭᠴᠢ ᠲᠦ᠋ᠮᠡᠨ ᠂ ᠦᠪᠦᠷ ᠮᠣᠩᠭᠣᠯ ᠤᠨ ᠶᠡᠬᠡ ᠰᠣᠷᠭᠠᠭᠣᠯᠢ ᠶᠢᠨ ᠫᠷᠣᠹᠸᠰᠰᠣᠷ ᠂ ᠳ᠋ᠣᠺᠲ᠋ᠣᠷᠠᠠᠲ  ᠤᠨ ᠵᠢᠯᠣᠭᠣᠳ᠋ᠤᠭᠴᠢ ᠪᠠᠭᠰᠢ ᠪᠦᠷᠢᠨᠪᠠᠲᠦ ᠂ ᠦᠪᠦᠷ ᠮᠣᠩᠭᠣᠯ ᠤᠨ ᠶᠡᠬᠡ ᠰᠣᠷᠭᠠᠭᠣᠯᠢ ᠶᠢᠨ ᠫᠷᠣᠹᠸᠰᠰᠣᠷ  ᠂ ᠳ᠋ᠣᠺᠲ᠋ᠣᠷᠠᠠᠲ  ᠦᠨ ᠵᠢᠯᠣᠭᠣᠳ᠋ᠤᠭᠴᠢ ᠪᠠᠭᠰᠢ ᠨᠠᠰᠣᠠᠠᠣᠷᠲᠦ ᠂ ᠦᠪᠡᠷᠳ᠋ᠡᠭᠡᠨ ᠵᠠᠰᠠᠬᠣ ᠣᠷᠣᠨ ᠦ ᠰᠣᠷᠭᠠᠨ ᠬᠦᠮᠦᠵᠢᠯ ᠦᠨ ᠲᠢᠩᠬᠢᠮ ᠦᠨ ᠵᠢᠭᠠᠬᠣ ᠶᠢ ᠰᠣᠳ᠋ᠣᠯᠬᠣ ᠭᠠᠵᠠᠷ ᠦᠨ ᠡᠷᠬᠢᠯᠡᠭᠴᠢ ᠪᠢᠯᠢᠭ᠍ᠲᠦ ᠂ ᠣᠯᠠᠭᠠᠨᠬᠠᠳ᠋ᠠ ᠬᠣᠲᠠ ᠶᠢᠨ ᠣᠳᠬ᠎ᠠ ᠣᠷᠠᠯᠢᠭ ᠤᠨ ᠬᠣᠯᠪᠣᠭ᠎ᠠ ᠶᠢᠨ ᠠᠯᠳ᠋ᠠᠷᠲᠦ ᠵᠣᠬᠢᠶᠠᠯᠴᠢ  ᠭ ᠂ ᠰᠢᠷᠠᠪᠵᠠᠮᠰᠣ ᠂ ᠣᠯᠠᠭᠠᠬᠠᠨᠳ᠋ᠠ ᠬᠣᠲᠠ ᠶᠢᠨ ᠦᠨᠳ᠋ᠦᠰᠦᠳ᠋ᠡᠨ ᠰᠠᠱᠢᠨ ᠰᠢᠳ᠋ᠦᠯᠭᠡ ᠶᠢᠨ ᠳᠣᠪᠴᠢᠶᠠᠨ ᠦ  ᠳᠡᠳ᠋ ᠳᠣᠪᠴᠢᠶᠠᠨ ᠳᠠᠷᠣᠭ᠎ᠠ ᠪᠦᠬᠡᠴᠣᠭᠲᠦ ᠂ ᠣᠯᠠᠭᠠᠬᠠᠨᠳ᠋ᠠ ᠬᠣᠲᠠ ᠶᠢᠨ ᠰᠣᠷᠭᠠᠨ ᠬᠦᠮᠦᠵᠢᠯ ᠦᠨ ᠳᠣᠪᠴᠢᠶᠠᠨ ᠦ ᠳᠡᠳ᠋ ᠳᠣᠪᠴᠢᠶᠠᠨ ᠳᠠᠷᠣᠭ᠎ᠠ ᠪᠠᠶᠠᠷ ᠂ ᠪᠠᠭᠠᠷᠢᠨ ᠪᠠᠷᠠᠭᠣᠨ ᠬᠣᠰᠢᠭᠣᠨ ᠦ ᠠᠷᠠᠳ ᠤᠨ ᠲᠦ᠋ᠯᠦᠭᠡᠯᠡᠭᠴᠢᠳ ᠦᠨ ᠶᠡᠬᠡ ᠬᠣᠷᠠᠯ ᠤᠨ ᠪᠠᠢᠩᠭᠣ ᠶᠢᠨ ᠬᠣᠷᠢᠶ᠎ᠠ ᠶᠢᠨ ᠳᠡᠳ᠋ ᠡᠷᠬᠢᠯᠡᠭᠴᠢ ᠬᠠᠰᠮᠦ᠋ᠷᠡᠨ ᠂ ᠪᠠᠭᠠᠷᠢᠨ ᠪᠠᠷᠠᠭᠣᠨ ᠬᠣᠰᠢᠭᠣᠨ ᠦ ᠣᠯᠣᠰ ᠳᠦ᠋ᠷᠦ ᠶᠢᠨ ᠵᠦ᠋ᠪᠯᠡᠯᠭᠡᠨ ᠦ ᠳᠡᠳ᠋ ᠲᠡᠷᠢᠭᠦᠯᠡᠭᠴᠢ ᠮᠦ᠋ᠩᠬᠡᠡᠦ᠋ᠯᠵᠡᠢ ᠵᠡᠷᠭᠡ ᠡᠷᠳ᠋ᠡᠮᠳ᠋ᠡᠨ ᠪᠠᠭᠰᠢ ᠨᠠᠷ ᠪᠠ ᠣᠳ᠋ᠣᠷᠢᠳ᠋ᠣᠯᠭ᠎ᠠ ᠣᠷᠣᠯᠴᠠᠵᠣ ᠂ ᠪᠠᠭᠠᠷᠢᠨ ᠪᠠᠷᠠᠭᠣᠨ ᠬᠣᠰᠢᠭᠣᠨ ᠦ ᠠᠷᠠᠳ ᠦ ᠵᠠᠰᠠᠭ ᠤᠨ ᠣᠷᠳ᠋ᠣᠨ ᠦ ᠬᠣᠰᠢᠭᠣ ᠳᠡᠳ᠋ ᠳᠠᠷᠣᠭ᠎ᠠ ᠰᠡᠴᠡᠨᠳ᠋ᠣ ᠬᠣᠷᠠᠯ ᠡᠷᠬᠢᠯᠡᠪᠡ ᠃

1. ᠨᠡᠭᠡᠭᠡᠯᠲᠡ ᠶᠢᠨ ᠶᠣᠰᠣᠯᠠᠯ ᠳ᠋ᠤ ᠰᠠᠭᠠᠳ᠋ᠠᠭᠰᠠᠨ ᠡᠷᠬᠢᠮ ᠬᠦᠨᠲᠦᠲᠦ ᠡᠷᠳ᠋ᠡᠮᠳ᠋ᠡᠳ ᠪᠣᠯᠣᠨ ᠣᠳ᠋ᠣᠷᠢᠳ᠋ᠣᠯᠭ᠎ᠠ ᠨᠠᠷ ᠢ ᠳᠠᠨ᠋ᠢᠯᠴᠠᠭᠣᠯᠪᠠ ᠃

 

 

2. ᠪᠠᠭᠠᠷᠢᠨ ᠪᠠᠷᠠᠭᠤᠨ ᠬᠤᠰᠢᠭᠤᠨ ᠦ ᠠᠷᠠᠳ ᠤᠨ ᠵᠠᠰᠠᠭ ᠤᠨ ᠤᠷᠳ᠋ᠤᠨ ᠦ ᠳᠠᠷᠤᠭ᠎ᠠ ᠬᠤᠪᠢᠰᠬᠠᠯᠳ᠋ᠤ  《 ᠪᠤᠯᠤᠷ ᠡᠷᠢᠭᠡ 》  ᠡᠷᠳ᠋ᠡᠮᠳ᠋ᠡᠳ ᠤᠨ ᠢᠯᠡᠳᠭᠡᠯ ᠤᠨ ᠳᠠᠪᠴᠠᠩ ᠳᠤ ᠵᠤᠷᠢᠭᠤᠯᠵᠤ ᠪᠠᠶᠠᠷ ᠤᠨ ᠦᠭᠡ ᠭᠡᠯᠡᠪᠡ ᠃

3. ᠳᠣᠮᠳ᠋ᠠᠳ᠋ᠣ ᠣᠯᠣᠰ ᠤᠨ ᠨᠡᠢᠭᠡᠮ ᠦᠨ ᠰᠢᠨᠵᠢᠯᠡᠬᠦ ᠣᠬᠠᠭᠠᠨ ᠦ ᠠᠺᠠᠳᠧᠮᠢ ᠶᠢᠨ ᠠᠺᠠᠳᠧᠮᠢᠴᠢ  ᠂ ᠦᠨᠳ᠋ᠦᠰᠦᠳ᠋ᠡᠨ ᠦ ᠣᠳᠬ᠎ᠠ ᠵᠣᠬᠢᠶᠠᠯ ᠰᠣᠳ᠋ᠣᠯᠬᠣ ᠬᠦᠷᠢᠶᠡᠯᠡᠩ ᠦᠨ ᠵᠠᠬᠢᠷᠣᠯ ᠂ ᠳ᠋ᠣᠺᠲ᠋ᠣᠷᠠᠠᠲ ᠤᠨ ᠵᠢᠯᠣᠭᠣᠳ᠋ᠤᠭᠴᠢ ᠪᠠᠭᠰᠢ ᠂ ᠫᠷᠣᠹᠸᠰᠰᠣᠷ ᠴᠣᠭᠵᠢᠨ ᠭᠣᠸᠠᠢ ᠪᠣᠯᠣᠨ ᠪᠠᠭᠠᠷᠢᠨ ᠪᠠᠷᠠᠭᠤᠨ ᠬᠤᠰᠢᠭᠤᠨ ᠦ ᠠᠷᠠᠳ ᠤᠨ ᠵᠠᠰᠠᠭ ᠤᠨ ᠤᠷᠳ᠋ᠤᠨ ᠦ ᠬᠣᠰᠢᠭᠣ ᠳᠠᠷᠤᠭ᠎ᠠ ᠬᠤᠪᠢᠰᠬᠠᠯᠳ᠋ᠤ ᠭᠣᠸᠠᠢ ᠠ᠋ᠴᠠ 《  ᠪᠤᠯᠤᠷ ᠡᠷᠢᠭᠡ  》 ᠡᠷᠳ᠋ᠡᠮᠳ᠋ᠡᠳ ᠤᠨ ᠢᠯᠡᠳᠭᠡᠯ ᠤᠨ ᠳᠠᠪᠴᠠᠩ ᠤᠨ ᠨᠡᠭᠡᠭᠡᠯᠳ᠋ᠡ ᠶᠢᠨ ᠶᠤᠰᠤᠯᠠᠯ ᠤᠨ ᠭᠦᠰᠢᠭᠡ ᠰᠡᠭᠦᠪᠡ ᠃

4. ᠳᠤᠮᠳ᠋ᠠᠳ᠋ᠤ ᠤᠯᠤᠰ ᠤᠨ ᠨᠡᠢᠭᠡᠮ ᠤᠨ ᠰᠢᠨᠵᠢᠯᠡᠭᠦ ᠤᠬᠠᠭᠠᠨ ᠦ ᠠᠺᠠᠳ᠋ᠸᠮᠢ ᠶᠢᠨ ᠠᠺᠠᠳ᠋ᠸᠮᠢᠴᠢ ᠠᠯᠳ᠋ᠠᠷᠳ᠋ᠤ ᠡᠷᠳ᠋ᠡᠮᠳ᠋ᠡᠨ ᠴᠤᠭᠵᠢᠨ ᠶᠠᠷᠢᠶ᠎ᠠ ᠳᠠᠯᠪᠢᠪᠠ ᠃

5. ᠣᠯᠠᠭᠠᠬᠠᠨᠳ᠋ᠠ ᠬᠣᠲᠠ ᠶᠢᠨ ᠣᠯᠣᠰ ᠳᠦ᠋ᠷᠦ ᠶᠢᠨ ᠵᠦ᠋ᠪᠯᠡᠯᠭᠡᠨ ᠦ ᠳᠡᠳ᠋ ᠲᠡᠷᠢᠭᠦᠯᠡᠭᠴᠢ ᠪᠦᠬᠡᠴᠢᠯᠠᠭᠣ ᠶᠠᠷᠢᠶ᠎ᠠ ᠳᠠᠯᠪᠢᠪᠠ ᠃

 

                                                       

6. ᠳ᠋ᠠᠪᠠᠨ ᠦ ᠨᠢᠭᠡᠳ᠋ᠦᠭᠡᠷ ᠳᠤᠮᠳ᠋ᠠᠳ᠋ᠤ ᠰᠤᠷᠭᠠᠭᠤᠯᠢ ᠶᠢᠨ ᠵᠠᠬᠢᠷᠤᠯ ᠰᠸᠸᠠᠩ ᠠ᠋ᠴᠠ ᠤᠳ᠋ᠤᠷᠢᠳ᠋ᠤᠯᠭ᠎ᠠ ᠂ ᠡᠷᠳ᠋ᠡᠮᠳ᠋ᠡᠳ ᠂ ᠪᠦᠭᠦ ᠵᠤᠴᠢᠳ ᠲᠣ ᠳᠠᠯᠠᠷᠬᠠᠯ ᠤᠨ ᠦᠭᠡ ᠶᠡᠷᠢᠪᠠ ᠃

7. ᠪᠠᠭᠠᠷᠢᠨ ᠪᠠᠷᠠᠭᠤᠨ ᠬᠤᠰᠢᠭᠤᠨ ᠦ ᠠᠷᠠᠳ ᠤᠨ ᠵᠠᠰᠠᠭ ᠤᠨ ᠤᠷᠳ᠋ᠤᠨ ᠦ ᠬᠣᠰᠢᠭᠣ ᠳᠡᠳ᠋ ᠳᠠᠷᠤᠭ᠎ᠠ ᠰᠡᠴᠡᠡᠲᠦ ᠳ᠋ᠦ᠋ᠩᠨ᠋ᠡᠯᠲᠡ ᠶᠢᠨ ᠶᠠᠷᠢᠶ᠎ᠠ ᠳᠠᠯᠪᠢᠪᠠ ᠃

ᠳᠠᠷᠠᠭᠠᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号