123456 0476-6223398
ᠨᠡᠷᠡᠲᠦ ᠪᠠᠭᠰᠢ ᠶᠢᠨ ᠲᠠᠪᠴᠠᠩ
ᠠᠯᠲᠠᠠᠧᠴᠢᠷ ᠪᠠᠭᠰᠢ
2016.08.17 ᠲᠣᠰ ᠥᠷᠲᠡᠭᠡᠨ ᠦ ᠨᠠᠢᠷᠠᠭᠤᠯᠤᠭᠴᠢ

ᠠᠯᠲᠠᠨᠸᠴᠢᠷ ᠂ ᠡᠷᠡᠭ᠍ᠲᠡᠢ ᠂ ᠮᠤᠩᠭᠤᠯ ᠦᠨᠳ᠋ᠦᠰᠦᠲᠡᠨ ᠂ ᠡᠪ ᠬᠠᠮᠲᠦ ᠨᠠᠮ ᠤᠨ ᠭᠡᠰᠢᠭᠦᠨ ᠂ ᠳᠤᠮᠳ᠋ᠠᠳ᠋ᠦ ᠰᠤᠷᠭᠠᠭᠤᠯᠢ ᠶᠢᠨ ᠳᠡᠭᠡᠳ᠋ᠦ ᠳᠡᠰ ᠦᠨ ᠪᠠᠭᠰᠢ ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠦ ᠤᠷᠤᠨ ᠦ ᠳᠡᠰ ᠦᠨ ᠰᠢᠯᠢᠳ᠋ᠡᠭ᠌ ᠪᠠᠭᠰᠢ ᠃

1963  ᠤᠨ ᠳ᠋ᠤ ᠪᠠᠭᠠᠷᠢᠨ ᠪᠠᠷᠠᠭᠤᠨ ᠬᠤᠰᠢᠭᠤᠨ ᠦ ᠴᠠᠭᠠᠨᠨ᠋ᠠᠭᠤᠷ ᠰᠤᠮᠤᠨ ᠦ ᠯᠦ᠋ᠽᠢ ᠭᠠᠴᠠᠭᠠᠨ ᠳ᠋ᠤ ᠨᠤᠲᠤᠭ ᠲᠡᠢ ᠮᠠᠯᠴᠢᠨ ᠰᠠᠮᠪᠡᠯ ᠤᠨ ᠤᠤᠭᠠᠨ ᠬᠦᠪᠡᠭᠦᠨ ᠪᠤᠯᠤᠨ ᠵᠠᠶᠠᠭᠠᠵᠠᠢ ᠃ 1980 ᠆ 1983 ᠤᠨ  ᠪᠤᠯᠲᠠᠯ᠎ᠠ ᠳ᠋ᠠᠪᠠᠨ ᠦ ᠨᠢᠭᠡᠳ᠋ᠦᠭᠡᠷ ᠳᠤᠮᠳ᠋ᠠᠳ᠋ᠦ ᠰᠤᠷᠭᠠᠭᠤᠯᠢ ᠶᠢᠨ ᠳᠡᠭᠡᠳ᠋ᠦ ᠳᠤᠮᠳ᠋ᠠᠳ᠋ᠦ ᠳ᠋ᠤ ᠰᠤᠷᠤᠯᠴᠠᠪᠠ ᠃ 1983 ᠤᠨ ᠳ᠋ᠤ ᠰᠢᠯᠢᠳ᠋ᠡᠭ᠌ ᠬᠢᠷᠢ ᠪᠦᠲᠦᠮᠵᠢ ᠪᠠᠷ ᠦᠪᠦᠷ ᠮᠤᠩᠭᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠹᠢᠽᠢᠺ ᠤᠨ ᠰᠠᠯᠪᠤᠷᠢ ᠳ᠋ᠤ ᠰᠢᠯᠭᠠᠭᠳ᠋ᠠᠨ ᠤᠷᠤᠵᠦ ᠂ 1987 ᠤᠨ ᠳ᠋ᠤ ᠰᠤᠷᠤᠯᠭ᠎ᠠ ᠪᠠᠨ ᠲᠡᠭᠦᠰᠬᠡᠭᠡᠳ ᠳ᠋ᠠᠪᠠᠨ ᠦ ᠨᠢᠭᠡᠳ᠋ᠦᠭᠡᠷ ᠳᠤᠮᠳ᠋ᠠᠳ᠋ᠦ ᠰᠤᠷᠭᠠᠭᠤᠯᠢ ᠳ᠋ᠤ ᠬᠤᠪᠢᠶᠠᠭᠳ᠋ᠠᠨ ᠪᠠᠭᠰᠢᠯᠠᠪᠠ ᠃

ᠵᠢᠭᠠᠨ  ᠰᠣᠷᠭᠠᠬᠤ  ᠰᠤᠷᠭᠠᠨ ᠬᠦᠮᠦᠵᠢᠭᠦᠯᠬᠦ ᠠᠵᠢᠯ ᠳ᠋ᠤ ᠭᠣᠴᠢᠭᠠᠳ ᠵᠢᠯ ᠵᠢᠳᠬᠦᠭᠦ ᠳ᠋ᠤ ᠪᠠᠨ ᠵᠢᠭᠠᠨ ᠰᠤᠷᠭᠠᠬᠤ ᠠᠵᠢᠯ ᠂ ᠬᠢᠴᠢᠶᠡᠯ ᠬᠦᠮᠦᠵᠢᠯ ᠦᠨ ᠠᠵᠢᠯ ᠂ ᠠᠩᠭᠢ ᠡᠷᠬᠢᠯᠡᠭᠴᠢ ᠶᠢᠨ ᠠᠵᠢᠯ ᠵᠢᠴᠢ ᠲᠡᠭᠦᠰᠬᠦ ᠤᠨ ᠦ ᠵᠢᠭᠠᠨ ᠰᠤᠷᠭᠠᠬᠤ ᠠᠵᠢᠯ ᠳ᠋ᠤ ᠭᠠᠪᠰᠢᠭᠠᠢᠯᠠᠨ ᠂ ᠬᠤᠷᠢ ᠰᠢᠬᠠᠮ ᠵᠢᠯ ᠳᠡᠭᠡᠳ᠋ᠦ ᠭᠤᠷᠪᠠ ᠶᠢᠨ ᠲᠡᠭᠦᠰᠬᠦ ᠠᠩᠭᠢ ᠳ᠋ᠤ ᠬᠢᠴᠢᠶᠡᠯᠯᠡᠨ ᠂ ᠶᠡᠬᠡ ᠳᠡᠭᠡᠳ᠋ᠦ ᠰᠤᠷᠭᠠᠭᠤᠯᠢ ᠳ᠋ᠤ ᠰᠢᠯᠭᠠᠬᠤ ᠰᠤᠷᠤᠭᠴᠢᠳ ᠤᠨ ᠶᠡᠷᠦᠩᠬᠡᠢ ᠳᠠᠪᠲᠠᠯᠭ᠎ᠠ ᠶᠢ ᠵᠢᠯᠤᠭᠤᠳᠴᠦ ᠂ ᠮᠠᠰᠢ ᠤᠯᠠᠨ ᠰᠢᠯᠢᠳ᠋ᠡᠭ᠌ ᠰᠠᠢᠨ ᠰᠤᠷᠤᠭᠴᠢᠳ ᠢ ᠤᠷᠤᠨ ᠦ ᠳᠤᠲᠤᠨ᠎ᠠ ᠭᠠᠳ᠋ᠠᠨ᠋ᠠᠬᠢ ᠶᠡᠬᠡ ᠳᠡᠭᠡᠳ᠋ᠦ ᠰᠤᠷᠭᠠᠭᠤᠯᠢ ᠳ᠋ᠤ ᠳᠠᠪᠰᠢᠭᠤᠯᠤᠨ ᠡᠷᠳ᠋ᠡᠮ ᠦᠨ ᠵᠢᠯᠤᠭᠤ ᠠᠳᠬᠤᠭᠤᠯᠵᠦ ᠂ ᠪᠠᠭᠠᠷᠢᠨ ᠨᠤᠲᠤᠭ ᠤᠨ ᠰᠤᠶᠤᠯ ᠰᠤᠷᠭᠠᠨ ᠬᠦᠮᠦᠵᠢᠯ ᠦᠨ ᠦᠢᠯᠡᠰ ᠦᠨ ᠬᠦᠭᠵᠢᠯᠲᠡ ᠳ᠋ᠦ ᠬᠦᠴᠦᠨ ᠴᠢᠳ᠋ᠠᠯ ᠢᠶᠡᠨ ᠡᠷᠭᠦᠭ᠍ᠰᠡᠨ ᠤᠴᠢᠷ ᠰᠤᠷᠭᠠᠭᠤᠯᠢ ᠨᠡᠢᠭᠡᠮ ᠭᠡᠷ ᠦᠨ ᠠᠬᠠᠮᠠᠳ ᠤᠨ ᠰᠠᠢᠨ ᠦᠨ᠋ᠡᠯᠡᠯᠲᠡ ᠪᠠ ᠬᠦᠨᠳ᠋ᠦᠳᠭᠡᠯ ᠪᠢᠰᠢᠷᠡᠯ ᠢ ᠤᠯᠤᠭᠰᠠᠨ ᠰᠢᠯᠢᠳ᠋ᠡᠭ᠌ ᠪᠠᠭᠰᠢ ᠪᠤᠯᠪᠠ ᠃

1992 ᠤᠨ ᠳ᠋ᠤ ᠬᠤᠰᠢᠭᠤ ᠵᠠᠰᠠᠭ ᠤᠨ ᠤᠷᠳ᠋ᠤᠨ ᠦ 《 ᠶᠡᠬᠡ ᠭᠠᠪᠢᠶ᠎ᠠ ᠲᠡᠮᠳ᠋ᠡᠭᠯᠡᠬᠦ ᠱᠠᠩᠨ᠋ᠠᠯ 》 ᠂ 1993 ᠤᠨ ᠂ 2001ᠤᠨ ᠪᠠ 2015 ᠤᠨ ᠳ᠋ᠤ ᠬᠤᠰᠢᠭᠤ ᠵᠠᠰᠠᠭ ᠤᠨ ᠤᠷᠳ᠋ᠤᠨ ᠦ 《 ᠰᠤᠷᠭᠠᠨ ᠬᠦᠮᠦᠵᠢᠯ ᠦᠨ ᠲᠡᠷᠢᠭᠦᠨ ᠦ ᠠᠵᠢᠯᠲᠠᠨ 》 ᠤ᠋ ᠱᠠᠩᠨ᠋ᠠᠯ ᠂ 1998 ᠤᠨ ᠳ᠋ᠤ ᠬᠤᠰᠢᠭᠤᠨ ᠦ ᠰᠤᠷᠭᠠᠨ ᠬᠦᠮᠦᠵᠢᠯ ᠦᠨ  ᠰᠢᠰᠲᠸ᠋ᠮ ᠤᠨ  ᠵᠢᠱᠢᠶᠡᠴᠢ ᠨᠠᠮ ᠤᠨ ᠭᠡᠰᠢᠭᠦᠨ 》 ᠂ 2000 ᠤᠨ ᠳ᠋ᠤ ᠰᠤᠷᠭᠠᠭᠤᠯᠢ ᠶᠢᠨ 《 ᠵᠢᠱᠢᠶᠡᠴᠢ ᠪᠠᠭᠰᠢ 》 ᠂ 2001 ᠤᠨ ᠪᠠ 2013 ᠤᠨ ᠳ᠋ᠤ ᠰᠤᠷᠭᠠᠭᠤᠯᠢ ᠶᠢᠨ 《 ᠰᠢᠯᠢᠳ᠋ᠡᠭ᠌ ᠨᠠᠮ  ᠦᠨ ᠭᠡᠰᠢᠭᠦᠨ 》 ᠂ 2004 ᠤᠨ ᠪᠠ 2015 ᠤᠨ ᠳ᠋ᠤ ᠬᠤᠰᠢᠭᠤ ᠵᠠᠰᠠᠭ ᠤᠨ ᠤᠷᠳ᠋ᠤᠨ ᠦ 《 ᠳᠡᠭᠡᠳ᠋ᠦ ᠰᠢᠯᠭᠠᠯᠲᠠ ᠶᠢᠨ ᠰᠢᠯᠢᠳ᠋ᠡᠭ᠌ ᠬᠢᠷᠢ ᠪᠦᠲᠦᠮᠵᠢ 》 ᠵᠢᠨ ᠱᠠᠩᠨ᠋ᠠᠯ ᠂ 2005 ᠤᠨ ᠳ᠋ᠤ ᠦᠪᠡᠷᠲᠡᠭᠡᠨ ᠵᠠᠰᠠᠬᠤ ᠤᠷᠤᠨ ᠦ ᠵᠠᠯᠠᠭᠤ ᠢᠳ᠋ᠡᠷ ᠪᠠᠭᠰᠢ ᠨᠠᠷ ᠤᠨ ᠰᠢᠯᠢᠳ᠋ᠡᠭ᠌ ᠬᠢᠴᠢᠶᠡᠯᠯᠡᠭᠡ ᠶᠢᠨ ᠮᠦ᠋ᠷᠦᠢᠴᠡᠭᠡᠨ ᠦ ᠬᠤᠶᠠᠳ᠋ᠤᠭᠠᠷ ᠳᠡᠰ ᠵᠡᠷᠭᠡ ᠱᠠᠩᠨ᠋ᠠᠯ ᠬᠦᠬᠢᠭᠦᠯᠦᠯ ᠤᠳ ᠢ ᠤᠯᠠᠨᠲᠠ ᠬᠦᠷᠲᠡᠵᠦ ᠂ 2007 ᠤᠨ ᠳ᠋ᠤ 《 ᠤᠯᠠᠭᠠᠨᠬᠠᠳ᠋ᠠ ᠬᠤᠲᠠ ᠶᠢᠨ ᠰᠢᠯᠢᠳ᠋ᠡᠭ᠌ ᠪᠠᠭᠰᠢ 》  ᠂ 2012 ᠤᠨ ᠳ᠋ᠤ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠦ ᠰᠢᠯᠢᠳ᠋ᠡᠭ᠌ ᠪᠠᠭᠰᠢ ᠶᠢᠨ ᠢᠷᠠᠭᠤ ᠠᠯᠳ᠋ᠠᠷ ᠢ ᠲᠤᠰ ᠲᠤᠰ ᠬᠦᠷᠲᠡᠭᠰᠡᠨ ᠪᠠᠢᠨ᠎ᠠ ᠃

2001 ᠤᠨ ᠳ᠋ᠤ ᠵᠢᠭᠠᠨ ᠵᠢᠯᠤᠭᠤᠳ᠋ᠤᠭᠰᠠᠠ ᠰᠤᠷᠤᠭᠴᠢ ᠨᠢ ᠪᠦᠬᠦ ᠤᠯᠤᠰ ᠤᠨ 《 ᠠᠷᠪᠡᠨ ᠨᠠᠢᠮᠠᠳ᠋ᠤᠭᠠᠷ ᠬᠤᠭᠤᠴᠠᠭᠠᠨ ᠦ ᠳᠤᠮᠳ᠋ᠠᠳ᠋ᠦ ᠰᠤᠷᠭᠠᠭᠤᠯᠢ ᠶᠢᠨ ᠹᠢᠽᠢᠺ ᠦᠨ ᠤᠷᠤᠯᠳ᠋ᠤᠭᠠᠨ 》 ᠳ᠋ᠤ ᠭᠤᠷᠪᠠᠳ᠋ᠤᠭᠠᠷ ᠳᠡᠰ ᠦᠨ ᠱᠠᠩᠨ᠋ᠠᠯ  ᠬᠦᠷᠳ᠋ᠡᠪᠡ ᠃ 《 ᠳᠤᠷᠠᠨ ᠬᠠᠷᠠᠭ᠎ᠠ 》 ᠳᠤᠷ᠎ᠠ ᠰᠤᠨ᠋ᠢᠷᠬᠠᠯᠲᠦ ᠳᠤᠭᠤᠢᠯᠠᠩ ᠤᠨ ᠰᠤᠷᠤᠭᠴᠢᠳ ᠲᠡᠢ ᠪᠡᠨ ᠬᠠᠮᠲᠤᠷᠠᠨ ᠦᠢᠯᠡᠳ᠋ᠦᠭᠰᠡᠨ ᠰᠤᠷᠭᠠᠭᠤᠯᠢ ᠶᠢᠨ ᠬᠦᠷᠢᠶᠡᠨ ᠦ ᠲᠸᠯᠸᠢᠰ ᠫᠷᠦᠭ᠍ᠷᠡᠮ ᠨᠢ 2009 ᠤᠨ ᠳ᠋ᠤ ᠵᠢᠶᠠᠩᠰᠦ ᠮᠤᠵᠢ ᠶᠢᠨ ᠡᠤ ᠰᠢ ᠬᠤᠲᠠᠨ ᠳ᠋ᠤ ᠪᠤᠯᠤᠭᠰᠠᠨ 《 ᠪᠦᠬᠦ ᠤᠯᠤᠰ ᠤᠨ ᠵᠢᠷᠭᠤᠳ᠋ᠤᠭᠠᠷ ᠬᠤᠭᠤᠴᠠᠭᠠᠨ ᠦ ᠰᠤᠷᠭᠠᠭᠤᠯᠢ ᠶᠢᠨ ᠬᠦᠷᠢᠶᠡᠨ ᠦ ᠲᠸᠯᠸᠢᠰ ᠫᠡᠷᠣᠭ᠍ᠷᠡᠮ ᠤᠨ ᠰᠢᠯᠭᠠᠷᠠᠭᠤᠯᠤᠯᠲᠠ 》ᠳ᠋ᠤ ᠮᠦ᠋ᠩᠭᠦᠨ ᠮᠸᠳ᠋ᠠᠯ ᠦᠨ ᠱᠠᠩᠨ᠋ᠠᠯ ᠬᠦᠷᠳ᠋ᠡᠪᠡ ᠃ ᠡᠷᠬᠢᠯᠡᠭᠰᠡᠨ ᠠᠩᠭᠢ ᠨᠢᠭᠡᠴᠡ ᠨᠢ 1999 ᠤᠨ ᠪᠠ 2000 ᠤᠨ ᠳ᠋ᠤ ᠬᠤᠲᠠ ᠶᠢᠨ ᠲᠡᠷᠢᠭᠦᠨ ᠦ ᠠᠩᠭᠢ ᠨᠢᠭᠡᠴᠢ ᠪᠠᠷ ᠦᠨ᠋ᠡᠯᠡᠭ᠍ᠳ᠋ᠡᠪᠡ ᠃

ᠲᠤᠰᠬᠠᠢ ᠮᠡᠷᠭᠡᠵᠢᠯ ᠦᠨ ᠲᠠᠯ᠎ᠠ ᠪᠠᠷ ᠵᠢᠭᠠᠨ ᠰᠤᠷᠭᠠᠬᠤ ᠠᠵᠢᠯ ᠪᠤᠯᠤᠨ ᠰᠤᠷᠭᠠᠨ ᠬᠦᠮᠦᠵᠢᠭᠦᠯᠬᠦ ᠠᠵᠢᠯ ᠳ᠋ᠤ ᠪᠡᠨ ᠴᠠᠭᠠᠷᠠᠨ ᠂ 《 ᠤᠯᠠᠭᠠᠨᠬᠠᠳ᠋ᠠ ᠶᠢᠨ ᠦᠨᠳ᠋ᠦᠰᠦᠲᠡᠨ ᠦ ᠰᠤᠷᠭᠠᠨ ᠬᠦᠮᠦᠵᠢᠯ 》 ᠂ 《 ᠠᠯᠲᠠᠨ ᠦᠨᠳ᠋ᠦᠰᠦ 》 ᠂ 《 ᠮᠤᠩᠭᠤᠯ ᠬᠡᠯᠡ ᠪᠢᠴᠢᠭ᠌ 》 ᠂ 《 ᠲᠤᠷᠭᠠᠨ ᠵᠢᠯᠤᠭᠤ 》 ᠵᠡᠷᠭᠡ ᠨᠤᠮ ᠰᠡᠳᠭᠦᠯ ᠳ᠋ᠦ 《 ᠭᠡᠦᠭᠡᠳ ᠤᠨ ᠤᠶᠤᠨ ᠦ ᠳᠠᠯᠳ᠋ᠠ ᠴᠢᠳ᠋ᠠᠪᠦᠷᠢ ᠶᠢ ᠪᠠᠳ᠋ᠠᠷᠠᠭᠤᠯᠬᠤ ᠳ᠋ᠤ 》 ᠂ 《 ᠳᠡᠭᠡᠳ᠋ᠦ ᠳᠤᠮᠳ᠋ᠠᠳ᠋ᠦ ᠶᠢᠨ ᠹᠢᠽᠢᠺ ᠦᠨ ᠮᠡᠳ᠋ᠡᠯᠭᠡ ᠪᠡᠷ ᠨᠠᠷᠠ ᠶᠢ ᠦᠵᠡᠬᠦ ᠨᠢ 》 ᠂ 《 ᠹᠢᠽᠢᠺ ᠦᠨ ᠬᠡᠷᠡᠭᠯᠡᠭᠡᠨ ᠦ ᠴᠢᠨ᠋ᠠᠷ ᠲᠡᠢ ᠠᠰᠠᠭᠤᠳ᠋ᠠᠯ ᠤᠨ ᠲᠤᠬᠠᠢ ᠵᠢᠭᠠᠨ ᠰᠤᠷᠭᠠᠯᠲᠠ 》 ᠭᠡᠬᠦ ᠵᠡᠷᠭᠡ ᠦᠭᠦᠯᠡᠯ ᠵᠤᠬᠢᠶᠠᠯ ᠨᠡᠢᠳ᠋ᠡᠯᠡᠭᠦᠯᠪᠡ ᠃ ᠯᠢᠶᠥᠥᠨ᠋ᠢᠩ ᠦᠨ ᠦᠨᠳ᠋ᠦᠰᠦᠲᠡᠨ ᠦ ᠬᠡᠪᠯᠡᠯ ᠦᠨ ᠬᠤᠷᠢᠶᠠᠨ ᠡᠴᠡ ᠬᠡᠪᠯᠡᠭᠦᠯᠦᠭᠰᠡᠨ 《 ᠶᠡᠬᠡ ᠳᠡᠭᠡᠳ᠋ᠦ ᠰᠤᠷᠭᠠᠭᠤᠯᠢ ᠳ᠋ᠤ ᠰᠢᠯᠭᠠᠬᠤ ᠶᠡᠷᠦᠩᠬᠡᠢ ᠳᠠᠪᠲᠠᠯᠭ᠎ᠠ ᠶᠢᠨ ᠤᠩᠰᠢᠭᠤ 》 ᠭᠡᠬᠦ ᠨᠤᠮ ᠢ ᠨᠠᠢᠷᠠᠭᠤᠯᠤᠨ ᠤᠷᠴᠢᠭᠤᠯᠬᠤ ᠠᠵᠢᠯ ᠪᠠ ᠳ᠋ᠠᠪᠠᠨ ᠦ ᠨᠢᠭᠡᠳ᠋ᠦᠭᠡᠷ ᠳᠤᠮᠳ᠋ᠠᠳ᠋ᠦ ᠰᠤᠷᠭᠠᠭᠤᠯᠢ ᠶᠢᠨ ᠵᠢᠯ ᠪᠦᠷᠢ ᠶᠢᠨ 《 ᠲᠡᠭᠦᠰᠬᠦ ᠤᠨ ᠦ  ᠹᠢᠽᠢᠺ ᠦᠨ ᠶᠡᠷᠦᠩᠬᠡᠢ ᠳᠠᠪᠲᠠᠯᠭ᠎ᠠ ᠶᠢᠨ ᠳᠡᠪᠲᠡᠷ 》 ᠢ᠋ ᠤᠷᠴᠢᠭᠤᠯᠤᠨ ᠨᠠᠢᠷᠠᠭᠤᠯᠬᠤ ᠠᠵᠢᠯ ᠳ᠋ᠤ ᠤᠷᠤᠯᠴᠠᠪᠠ ᠃

ᠲᠤᠬᠠᠢᠯᠠᠭᠰᠠᠨ ᠠᠵᠢᠯ ᠤᠨ ᠲᠠᠯ᠎ᠠ ᠪᠠᠷ ᠪᠠᠭᠠᠷᠢᠨ ᠪᠠᠷᠠᠭᠤᠨ ᠬᠤᠰᠢᠭᠤᠨ ᠦ ᠹᠢᠽᠢᠺ ᠦᠨ ᠬᠢᠴᠢᠶᠡᠯ ᠦᠨ ᠵᠢᠭᠠᠨ ᠰᠤᠷᠭᠠᠬᠤ ᠴᠢᠳ᠋ᠠᠪᠦᠷᠢᠲᠡᠨ ᠂ ᠬᠢᠴᠢᠶᠡᠯ ᠲᠦ᠋ᠷᠦᠯ ᠦᠨ ᠳᠠᠭᠠᠭᠤᠯᠤᠭᠴᠢ ᠂ ᠤᠯᠠᠭᠠᠨᠬᠠᠳ᠋ᠠ ᠬᠤᠲᠠ ᠶᠢᠨ ᠭᠤᠤᠯᠯᠠᠭᠴᠢ ᠪᠠᠭᠰᠢ ᠪᠠᠷ ᠦᠨ᠋ᠡᠯᠡᠭ᠍ᠳ᠋ᠡᠪᠡ ᠃ ᠤᠷᠢᠳ ᠬᠤᠵᠢᠳ ᠳ᠋ᠠᠪᠠᠨ ᠦ ᠨᠢᠭᠡᠳ᠋ᠦᠭᠡᠷ ᠳᠤᠮᠳ᠋ᠠᠳ᠋ᠦ ᠰᠤᠷᠭᠠᠭᠤᠯᠢ ᠶᠢᠨ ᠹᠢᠽᠢᠺ ᠦᠨ ᠵᠢᠭᠠᠬᠤ ᠶᠢ ᠰᠤᠳ᠋ᠤᠯᠬᠤ ᠳᠤᠭᠤᠢᠯᠠᠩ ᠤᠨ ᠳᠠᠷᠤᠭ᠎ᠠ ᠂ ᠴᠠᠬᠢᠯᠭᠠᠨᠵᠢᠭᠰᠠᠨ ᠵᠢᠭᠠᠨ ᠰᠤᠷᠭᠠᠯᠲᠠ ᠶᠢᠨ ᠵᠢᠭᠠᠬᠤ ᠶᠢ ᠰᠤᠳ᠋ᠤᠯᠬᠤ ᠳᠤᠭᠤᠢᠯᠠᠩ ᠤᠨ ᠳᠠᠷᠤᠭ᠎ᠠ ᠂ ᠰᠠᠭᠤᠷᠢ ᠤᠨ ᠦ ᠤᠨ ᠦ ᠳᠤᠭᠤᠢᠯᠠᠩ ᠤᠨ ᠳᠠᠷᠤᠭ᠎ᠠ ᠂ ᠳᠡᠭᠡᠳ᠋ᠦ ᠭᠤᠷᠪᠠ ᠶᠢᠨ ᠤᠨ ᠦ ᠬᠡᠯᠲᠡᠰ ᠦᠨ ᠡᠷᠬᠢᠯᠡᠭᠴᠢ ᠂ ᠬᠢᠴᠢᠶᠡᠯ ᠡᠷᠬᠢᠯᠡᠬᠦ ᠭᠠᠵᠠᠷ ᠤᠨ ᠠᠵᠢᠯᠲᠠᠨ ᠂ ᠬᠢᠴᠢᠶᠡᠯ ᠡᠷᠬᠢᠯᠡᠬᠦ ᠭᠠᠵᠠᠷ ᠤᠨ ᠳᠡᠳ᠋ ᠡᠷᠬᠢᠯᠡᠭᠴᠢ ᠂ ᠬᠢᠴᠢᠶᠡᠯ ᠡᠷᠬᠢᠯᠡᠭᠦ ᠭᠠᠵᠠᠷ ᠤᠨ ᠡᠷᠬᠢᠯᠡᠭᠴᠢ ᠂ ᠵᠢᠭᠠᠬᠤ ᠶᠢ ᠰᠤᠳ᠋ᠤᠯᠬᠤ ᠦᠭᠡᠷᠡᠴᠢᠯᠡᠬᠦ ᠭᠠᠵᠠᠷ ᠤᠨ ᠡᠷᠬᠢᠯᠡᠭᠴᠢ ᠶᠢᠨ ᠠᠵᠢᠯ ᠪᠠ ᠠᠵᠢᠯᠴᠢᠨ ᠦ ᠡᠪᠯᠡᠯ ᠤᠨ ᠲᠡᠳ᠋ ᠲᠡᠷᠢᠭᠦᠯᠡᠭᠴᠢ ᠶᠢᠨ ᠠᠵᠢᠯ ᠵᠡᠷᠭᠡ ᠡᠭᠦᠷᠭᠡ ᠲᠤᠰᠢᠶᠠᠯ ᠢ ᠬᠠᠷᠢᠭᠤᠴᠠᠨ ᠂ ᠳ᠋ᠠᠪᠠᠨ ᠦ ᠨᠢᠭᠡᠳ᠋ᠦᠭᠡᠷ ᠳᠤᠮᠳ᠋ᠠᠳ᠋ᠦ ᠰᠤᠷᠭᠠᠭᠤᠯᠢ ᠶᠢᠨ ᠬᠦᠭᠵᠢᠯᠲᠡ ᠳ᠋ᠦ ᠦᠪᠡᠷ ᠦᠨ ᠬᠦᠴᠦᠨ ᠴᠢᠳ᠋ᠠᠯ ᠢᠶᠡᠨ ᠬᠠᠷᠠᠮ ᠦᠭᠡᠢ ᠵᠤᠷᠢᠭᠤᠯᠤᠭᠰᠠᠭᠠᠷ ᠪᠠᠢᠨ᠎ᠠ ᠃

 

ᠡᠮᠦᠨᠡᠬᠢ ᠵᠣᠬᠢᠶᠠᠯᠲᠦᠷᠬᠡᠨᠪᠠᠶᠠᠷ ᠪᠠᠭᠰᠢ
ᠳᠠᠷᠠᠭᠠᠬᠢ ᠵᠣᠬᠢᠶᠠᠯᠤ ᠂ ᠪᠠᠶᠠᠨᠳ᠋ᠦᠭᠦᠷᠡᠩ ᠪᠠᠭᠰᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号