123456 0476-6223398
ᠨᠡᠷᠡᠲᠦ ᠪᠠᠭᠰᠢ ᠶᠢᠨ ᠲᠠᠪᠴᠠᠩ
ᠤ ᠂ ᠪᠠᠶᠠᠨᠳ᠋ᠦᠭᠦᠷᠡᠩ ᠪᠠᠭᠰᠢ
2016.08.17 ᠲᠣᠰ ᠥᠷᠲᠡᠭᠡᠨ ᠦ ᠨᠠᠢᠷᠠᠭᠤᠯᠤᠭᠴᠢ

ᠤ ᠂ ᠪᠠᠶᠠᠨᠳ᠋ᠦᠭᠦᠷᠡᠩ ᠂ ᠡᠷᠡᠭ᠍ᠳ᠋ᠠᠢ ᠂ ᠮᠤᠩᠭᠤᠯ ᠦᠨᠳ᠋ᠦᠰᠦᠳ᠋ᠡᠨ ᠃ 1964 ᠤᠨ ᠳ᠋ᠤ ᠠᠷᠤ ᠬᠤᠷᠴᠢᠨ ᠬᠤᠰᠢᠭᠤᠨ ᠦ ᠪᠠᠶᠠᠨᠪᠤᠯᠠᠭ ᠰᠤᠮᠤ ᠶᠢᠨ ᠤᠰᠤᠨ ᠡᠬᠢ  ᠭᠠᠴᠠᠭᠠᠨ ᠳ᠋ᠤ ᠲᠦ᠋ᠷᠦᠵᠠᠢ ᠃ 1982 ᠤᠨ ᠦ 7 ᠰᠠᠷ᠎ᠠ ᠳ᠋ᠤ ᠠᠷᠤ ᠬᠤᠷᠴᠢᠨ ᠬᠤᠰᠢᠭᠤᠨ ᠦ ᠬᠤᠨᠳ᠋ᠤ ᠦᠨᠳ᠋ᠦᠷ ᠵᠡᠷᠭᠡ ᠶᠢᠨ ᠳᠤᠮᠳ᠋ᠠᠳ᠋ᠤ ᠰᠤᠷᠭᠠᠭᠤᠯᠢ ᠠ᠋ᠴᠠ ᠳᠡᠭᠦᠰᠴᠦ ᠂ 1987 ᠤᠨ ᠳ᠋ᠤ ᠦᠪᠦᠷ ᠮᠤᠩᠭᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠲᠤᠭᠠᠨ ᠦ ᠤᠬᠠᠭᠠᠨ ᠦ ᠰᠠᠯᠪᠤᠷᠢ ᠠ᠋ᠴᠠ ᠲᠡᠬᠦᠰᠦᠨ ᠳ᠋ᠠᠪᠠᠨ ᠦ ᠨᠢᠭᠡᠳ᠋ᠦᠭᠡᠷ ᠳᠤᠮᠳ᠋ᠠᠳ᠋ᠤ ᠰᠤᠷᠭᠠᠭᠤᠯᠢ  ᠳ᠋ᠤ ᠬᠤᠪᠢᠶᠠᠭᠳ᠋ᠠᠨ ᠪᠠᠭᠰᠢᠯᠠᠵᠤ ᠂ ᠤᠳ᠋ᠤ ᠪᠤᠯᠳ᠋ᠠᠯ᠎ᠠ ᠠᠵᠢᠯᠯᠠᠵᠤ ᠪᠤᠢ ᠃ 2004 ᠤᠨ ᠳ᠋ᠦ ᠳᠤᠮᠳ᠋ᠠᠳ᠋ᠤ ᠰᠤᠷᠭᠠᠭᠤᠯᠢ ᠶᠢᠨ ᠳᠡᠭᠡᠳ᠋ᠦ ᠳᠡᠰ ᠤᠨ ᠪᠠᠭᠰᠢ ᠶᠢᠨ ᠮᠡᠷᠭᠡᠵᠢᠯ ᠤᠨ ᠴᠤᠯᠠ ᠬᠦᠷᠳ᠋ᠡᠵᠦ ᠂ ᠤᠷᠢᠳ ᠬᠤᠵᠢᠳ ᠳᠤᠭᠠᠨ ᠦ ᠤᠬᠠᠭᠠᠨ ᠦ ᠪᠠᠭᠰᠢ ᠂ ᠠᠩᠬᠢ ᠶᠢᠨ ᠡᠷᠬᠢᠯᠡᠭᠴᠢ ᠂ ᠵᠢᠭᠠᠬᠤ ᠶᠢ ᠰᠤᠳ᠋ᠤᠯᠬᠤ ᠳᠤᠭᠤᠢᠯᠠᠩ ᠤᠨ ᠳᠠᠷᠤᠭ᠎ᠠ ᠂ ᠤᠨ ᠦ ᠬᠡᠯᠳ᠋ᠡᠰ ᠤᠨ ᠡᠷᠬᠢᠯᠡᠭᠴᠢ ᠂ ᠵᠢᠭᠠᠬᠤ ᠶᠢ ᠰᠤᠳ᠋ᠤᠯᠬᠤ ᠦᠭᠡᠷᠡᠴᠢᠯᠡᠬᠦ ᠭᠠᠵᠠᠷ ᠤᠨ ᠳᠡᠳ᠋ ᠡᠷᠬᠢᠯᠡᠭᠴᠢ ᠵᠡᠷᠭᠡ ᠡᠭᠦᠷᠭᠡ ᠳᠤᠰᠢᠶᠠᠯ ᠢ ᠬᠠᠷᠢᠭᠤᠴᠠᠪᠠ ᠃

1987 ᠤᠨ ᠠ᠋ᠴᠠ ᠤᠳ᠋ᠤ ᠪᠤᠯᠳ᠋ᠠᠯ᠎ᠠ 29 ᠵᠢᠯ ᠳᠡᠭᠡᠳ᠋ᠦ ᠳᠤᠮᠳ᠋ᠠᠳ᠋ᠤ ᠶᠢᠨ ᠠᠩᠬᠢ ᠶᠢᠨ ᠡᠷᠬᠢᠯᠡᠭᠴᠢ ᠪᠠ ᠳᠤᠭᠠᠨ ᠦ ᠤᠬᠠᠭᠠᠨ ᠦ ᠬᠢᠴᠢᠶᠡᠯ ᠤᠨ ᠪᠠᠭᠰᠢ ᠶᠢᠨ ᠠᠵᠢᠯ ᠢ ᠬᠢᠵᠦ ᠂ ᠳᠤᠭᠠᠨ ᠦ ᠤᠬᠠᠭᠠᠨ ᠦ ᠬᠢᠴᠢᠶᠡᠯ ᠨᠢ ᠤᠯᠤᠰ ᠤᠨ ᠨᠢᠭᠡᠳ᠋ᠦᠯᠳ᠋ᠠᠢ ᠰᠢᠯᠭᠠᠯᠳ᠋ᠠ ᠳ᠋ᠤ ᠳᠡᠭ᠍ᠰᠢᠳᠭᠡᠯ ᠪᠦᠳ᠋ᠦᠮᠵᠢ ᠪᠠᠷ 1992 ᠤᠨ ᠳ᠋ᠤ ᠬᠤᠳ᠋ᠠᠨ᠎ᠠ ᠲᠡᠷᠢᠭᠦᠯᠡᠭ᠍ᠰᠡᠨ ᠠ᠋ᠴᠠ ᠤᠳ᠋ᠤ ᠪᠤᠯᠳ᠋ᠠᠯ᠎ᠠ 15 ᠤᠳ᠋ᠠᠭᠠᠨ ᠦ ᠳᠡᠭᠡᠲᠦ ᠰᠢᠯᠭᠠᠯᠲᠠ ᠳ᠋ᠦ ᠰᠢᠯᠢᠳ᠋ᠡᠭ᠌ ᠪᠦᠳ᠋ᠦᠮᠵᠢ ᠤᠯᠤᠭᠰᠡᠨ ᠪᠦᠭᠡᠳ ᠲᠤᠭᠠᠨ ᠦ ᠤᠬᠠᠭᠠᠨ ᠦ ᠳ᠋ᠠᠩ ᠬᠢᠴᠢᠶᠡᠯ ᠤᠨ ᠬᠢᠷᠢ ᠪᠦᠳ᠋ᠦᠮᠵᠢ ᠨᠢ ᠤᠷᠤᠨ ᠂ ᠬᠤᠳ᠋ᠠ ᠳ᠋ᠤ ᠬᠡᠳ᠋ᠦ ᠤᠳ᠋ᠠᠭ᠎ᠠ ᠲᠡᠷᠢᠭᠦᠯᠡᠵᠦ ᠂ ᠡᠷᠬᠢᠯᠡᠭ᠍ᠰᠡᠨ ᠠᠩᠬᠢ ᠶᠢᠨ ᠰᠤᠷᠤᠭᠴᠢᠳ ᠠ᠋ᠴᠠ ᠨᠢ ᠬᠤᠳ᠋ᠠ ᠶᠢᠨ ᠵᠤᠸᠠᠩᠶᠤᠸᠠᠨ ᠬᠡᠳ᠋ᠦ ᠭᠠᠷᠴᠦ 985 ᠶᠡᠬᠡ ᠰᠤᠷᠭᠠᠭᠤᠯᠢ ᠂ 211 ᠶᠠᠭᠡ ᠰᠤᠷᠭᠠᠭᠤᠯᠢ ᠪᠠ ᠤᠷᠤᠨ ᠦ ᠶᠡᠭᠡ ᠳᠡᠭᠡᠳ᠋ᠦ ᠰᠤᠷᠭᠠᠭᠤᠯᠢ ᠶᠢᠨ  ᠵᠢᠩᠬᠢᠨ᠋ᠢ ᠠᠩᠬᠢ ᠳ᠋ᠤ ᠬᠡᠳ᠋ᠦᠨ ᠵᠠᠭᠤᠨ ᠰᠤᠷᠤᠭᠴᠢ ᠬᠦᠷᠭᠡᠵᠠᠢ ᠃

2005 ᠤᠨ ᠳ᠋ᠤ ᠤᠯᠠᠭᠠᠨᠬᠠᠳ᠋ᠠ ᠬᠤᠳ᠋ᠠ ᠶᠢᠨ ᠪᠠᠭᠰᠢ ᠶᠢᠨ ᠮᠤᠷᠠᠯ ᠰᠤᠷᠳ᠋ᠠᠯ ᠤᠨ ᠬᠡᠪ ᠳᠠᠭᠤᠷᠢᠶᠠᠯ ᠢᠶᠡᠷ ᠂ 2006 ᠤᠨ ᠳ᠋ᠤ ᠦᠪᠦᠷ ᠮᠤᠩᠭᠤᠯ ᠤᠨ ᠦᠪᠡᠷᠳ᠋ᠡᠭᠡᠨ ᠵᠠᠰᠠᠬᠤ ᠤᠷᠤᠨ ᠦ ᠦᠨᠳ᠋ᠦᠰᠦᠳ᠋ᠡᠨ ᠦ ᠳᠤᠮᠳ᠋ᠠᠳ᠋ᠤ ᠪᠠᠭ᠎ᠠ ᠰᠤᠷᠭᠠᠭᠤᠯᠢ ᠶᠢᠨ ᠰᠢᠯᠢᠳ᠋ᠡᠭ᠌ ᠪᠠᠭᠰᠢ ᠪᠠᠷ ᠂ 2007 ᠤᠨ ᠳ᠋ᠤ ᠤᠯᠠᠭᠠᠨᠬᠠᠳ᠋ᠠ ᠬᠤᠳ᠋ᠠ ᠶᠢᠨ ᠰᠢᠯᠢᠳ᠋ᠡᠭ᠌ ᠪᠠᠭᠰᠢ ᠪᠠᠷ ᠂ 2010 ᠤᠨ ᠳ᠋ᠤ ᠦᠪᠦᠷ ᠮᠤᠩᠭᠤᠯ ᠦᠪᠡᠷᠳᠡᠭᠡᠨ ᠵᠠᠰᠠᠬᠤ ᠤᠷᠤᠨ ᠦ ᠳᠤᠮᠳ᠋ᠠᠳ᠋ᠤ ᠪᠠᠭ᠎ᠠ ᠰᠤᠷᠭᠠᠭᠤᠯᠢ ᠶᠢᠨ ᠰᠢᠯᠢᠳ᠋ᠡᠭ᠌ ᠠᠩᠬᠢ ᠶᠢᠨ ᠡᠷᠬᠢᠯᠡᠭᠴᠢ ᠪᠠᠷ ᠲᠤᠰ ᠲᠤᠰ ᠬᠦᠬᠢᠭᠦᠯᠦᠭ᠍ᠳ᠋ᠡᠨ ᠱᠠᠩᠨ᠋ᠠᠭᠳ᠋ᠠᠪᠠ ᠃  《 ᠰᠢᠯᠢᠳ᠋ᠡᠭ᠌ ᠪᠠᠭᠰᠢ 》 ᠂ 《 ᠭᠠᠪᠢᠶ᠎ᠡ ᠳᠡᠮᠳ᠋ᠡᠭᠯᠡᠬᠦ 》 ᠂ 《 ᠶᠡᠭᠡ ᠭᠠᠪᠢᠶ᠎ᠡ ᠳᠡᠮᠳ᠋ᠡᠭᠯᠡᠬᠦ 》 ᠂ 《 ᠭᠤᠷᠪᠠᠳ᠋ᠤᠭᠠᠷ ᠳᠡᠰ ᠤᠨ ᠭᠠᠪᠢᠶ᠎ᠡ ᠳᠡᠮᠳ᠋ᠡᠭᠯᠡᠬᠦ 》 ᠂ 《  ᠵᠢᠱᠢᠶᠡᠴᠢ ᠠᠩᠬᠢ ᠶᠢᠨ ᠡᠷᠬᠢᠯᠡᠭᠴᠢ 》 ᠂ 《 ᠳᠡᠭᠡᠳ᠋ᠦ ᠰᠢᠯᠭᠠᠯᠳ᠋ᠠ ᠶᠢᠨ ᠬᠢᠷᠢ ᠪᠦᠳ᠋ᠦᠮᠵᠢ ᠰᠢᠯᠢᠳ᠋ᠡᠭ᠌ 》 ᠂ 《 ᠪᠠᠭᠰᠢ ᠶᠢᠨ ᠮᠤᠷᠠᠯ ᠤᠨ ᠵᠢᠱᠢᠶᠡᠴᠢ 》 ᠂ 《 ᠤᠯᠤᠰ ᠤᠨ ᠰᠢᠯᠭᠠᠯᠳ᠋ᠠ ᠳ᠋ᠤ ᠰᠢᠯᠢᠳ᠋ᠡᠭ᠌ ᠪᠦᠳ᠋ᠦᠮᠵᠢ ᠡᠭᠦᠳ᠋ᠦᠭ᠍ᠰᠡᠨ ᠱᠠᠩᠨ᠋ᠠᠯ 》 ᠂ 《 ᠤᠯᠤᠰ ᠤᠨ ᠰᠢᠯᠭᠠᠯᠳ᠋ᠠ ᠶᠢᠨ ᠰᠢᠯᠢᠳ᠋ᠡᠭ᠌ ᠠᠵᠢᠯᠳ᠋ᠠᠨ 》 ᠵᠡᠷᠭᠡ ᠬᠤᠰᠢᠭᠤᠨ ᠨᠠᠮ ᠤᠨ ᠬᠤᠷᠢᠶ᠎ᠡ ᠂ ᠵᠠᠰᠠᠭ ᠤᠨ ᠤᠷᠳ᠋ᠤᠨ ᠦ ᠱᠠᠩᠨ᠋ᠠᠯ ᠬᠦᠬᠢᠭᠦᠯᠦᠯ ᠢ ᠨᠡᠢᠳ᠋ᠡ 13 ᠤᠳ᠋ᠠᠭ᠎ᠠ ᠬᠦᠷᠳ᠋ᠡᠪᠡ ᠃ 

《 ᠲᠤᠭᠠᠨ ᠦ ᠤᠬᠠᠭᠠᠨ ᠦ ᠵᠢᠭᠠᠨ ᠰᠤᠷᠭᠠᠯᠳ᠋ᠠ ᠶᠢᠨ ᠶᠠᠪᠤᠴᠠ ᠳ᠋ᠤ ᠰᠤᠷᠤᠭᠴᠢᠳ ᠤᠨ ᠠᠵᠢᠭᠯᠠᠬᠤ ᠴᠢᠳ᠋ᠠᠪᠦᠷᠢ ᠶᠢ ᠬᠦᠮᠦᠵᠢᠬᠦᠯᠬᠦ ᠨᠢ 》 ᠂ 《 ᠠᠩᠬᠢ ᠶᠢᠨ ᠡᠷᠬᠢᠯᠡᠭᠴᠢ ᠶᠢᠨ ᠬᠡᠪ ᠴᠢᠨ᠋ᠠᠷ ᠢ ᠳᠡᠭᠡᠭ᠍ᠰᠢᠯᠡᠭᠦᠯᠵᠦ ᠂ ᠰᠢᠯᠢᠳ᠋ᠡᠭ᠌ ᠠᠩᠬᠢ ᠨᠢᠬᠡᠴᠡ ᠶᠢ ᠪᠦᠳ᠋ᠦᠭᠡᠨ ᠪᠠᠢᠭᠤᠯᠤᠶ᠎ᠠ 》 ᠂ 《 ᠰᠢᠯᠢᠳ᠋ᠡᠭ᠌ ᠠᠩᠬᠢ ᠨᠢᠭᠡᠴᠡ ᠶᠢ ᠪᠦᠳ᠋ᠦᠭᠡᠨ ᠪᠠᠢᠭᠤᠯᠬᠤ ᠶᠠᠪᠤᠴᠠ ᠳ᠋ᠤ ᠦᠵᠡᠭᠦᠯᠬᠦ ᠠᠩᠬᠢ ᠡᠷᠬᠢᠯᠡᠭᠴᠢ ᠶᠢᠨ ᠦᠢᠯᠡᠳ᠋ᠦᠯ ᠤᠨ ᠲᠤᠬᠠᠢ ᠦᠭᠦᠯᠡᠬᠦ ᠨᠢ 》 ᠬᠡᠬᠦ  ᠵᠡᠷᠭᠡ ᠦᠭᠦᠯᠡᠯ ᠢᠶᠡᠨ 《 ᠦᠪᠦᠷ ᠮᠤᠩᠭᠤᠯ ᠤᠨ ᠰᠤᠷᠭᠠᠨ ᠬᠦᠮᠦᠵᠢᠯ 》 ᠪᠠ 《 ᠠᠯᠳ᠋ᠠᠨ ᠦᠨᠳ᠋ᠦᠰᠦ 》 ᠰᠡᠳᠭᠦᠯ ᠳ᠋ᠤ ᠨᠡᠢᠲᠡᠯᠡᠭᠦᠯᠪᠡ ᠃ 2011ᠤᠨ ᠳ᠋ᠤ  ᠪᠦᠬᠦ ᠤᠯᠤᠰ ᠤᠨ ᠰᠤᠷᠭᠠᠨ ᠬᠦᠮᠦᠵᠢᠯ ᠤᠨ ᠰᠢᠨᠵᠢᠯᠡᠭᠦ ᠤᠬᠠᠭᠠᠨ ᠦ 《 ᠠᠷᠪᠠᠨ ᠨᠢᠭᠡ ᠲᠠᠪᠤ 》 ᠰᠤᠷᠭᠠᠨ ᠬᠦᠮᠦᠵᠢᠯ ᠤᠨ ᠶᠠᠮᠤᠨ ᠦ ᠲᠦ᠋ᠯᠦᠪᠵᠢᠭᠦᠯᠭᠡ ᠶᠢᠨ 《 ᠦᠷ᠎ᠡ ᠠᠰᠢᠭᠳ᠋ᠦ ᠵᠢᠭᠠᠨ ᠰᠤᠷᠭᠠᠯᠳ᠋ᠠ ᠶᠢᠨ ᠠᠵᠢᠯᠯᠠᠭᠠᠨ ᠦ ᠠᠷᠭ᠎ᠠ ᠪᠤᠳ᠋ᠤᠯᠭ᠎ᠠ ᠶᠢᠨ  ᠰᠤᠳ᠋ᠤᠯᠭᠠᠨ 》 ᠤ᠋ ᠰᠡᠳ᠋ᠦᠪ ᠤᠨ 《 ᠦᠷ᠎ᠡ ᠠᠰᠢᠭᠳ᠋ᠦ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠳ᠋ᠠ ᠶᠢᠨ ᠰᠤᠳ᠋ᠤᠯᠭᠠᠨ 》 ᠭᠡᠬᠦ ᠪᠠᠭ᠎ᠠ ᠰᠡᠳ᠋ᠦᠪ ᠤᠨ ᠰᠤᠳ᠋ᠤᠯᠭᠠᠨ ᠳ᠋ᠤ ᠤᠷᠤᠯᠴᠠᠵᠤ  ᠂ ᠤᠯᠤᠰ ᠤᠨ ᠰᠤᠷᠭᠠᠨ ᠬᠦᠮᠦᠵᠢᠯ ᠤᠨ ᠶᠠᠮᠤᠨ ᠦ ᠰᠤᠷᠭᠠᠨ ᠬᠦᠮᠦᠵᠢᠯ ᠤᠨ ᠰᠢᠨᠵᠢᠯᠡᠬᠦ ᠤᠬᠠᠭᠠᠨ ᠦ ᠲᠦ᠋ᠯᠦᠪᠵᠢᠭᠦᠯᠭᠡ ᠶᠢᠨ ᠠᠯᠪᠠᠨ ᠭᠡᠷ ᠤᠨ ᠰᠤᠳ᠋ᠤᠯᠭᠠᠨ ᠦ ᠰᠡᠳ᠋ᠦᠪ ᠳᠡᠭᠦᠰᠬᠦ ᠶᠢ ᠵᠦ᠋ᠪᠰᠢᠶᠡᠷᠡᠭ᠍ᠰᠡᠨ ᠦᠨ᠋ᠡᠮᠯᠡᠯ ᠤᠯᠵᠤ  ᠂ 《  ᠳᠡᠭᠡᠳ᠋ᠦ ᠳᠤᠮᠳ᠋ᠠᠳ᠋ᠤ ᠶᠢᠨ ᠳᠤᠭᠠᠨ ᠦ ᠤᠬᠠᠭᠠᠨ ᠦ ᠵᠢᠭᠠᠨ ᠰᠤᠷᠭᠠᠯᠳ᠋ᠠ ᠶᠢᠨ ᠳᠤᠬᠠᠢ ᠡᠷᠭᠢᠴᠡᠭᠦᠯᠦᠯᠳ᠋ᠡ 》 ᠭᠡᠬᠦ ᠦᠭᠦᠯᠡᠯ ᠨᠢ ᠰᠤᠳ᠋ᠤᠯᠭᠠᠨ ᠦ ᠦᠷ᠎ᠡ ᠪᠦᠳ᠋ᠦᠭᠡᠯ ᠤᠨ 《 ᠬᠤᠶᠠᠳ᠋ᠤᠭᠠᠷ ᠳᠡᠰ 》 ᠤᠨ ᠱᠠᠩᠨ᠋ᠠᠯ ᠢ ᠬᠦᠷᠲᠡᠵᠡᠢ ᠃  ᠪᠤᠰᠤᠳ ᠲᠡᠢ ᠬᠠᠮᠲᠤᠷᠠᠨ ᠨᠠᠢᠷᠠᠭᠤᠯᠤᠨ ᠪᠢᠴᠢᠭ᠍ᠰᠡᠨ 《 ᠳᠡᠭᠡᠳ᠋ᠦ ᠰᠤᠷᠭᠠᠭᠤᠯᠢ ᠳ᠋ᠦ ᠰᠢᠯᠭᠠᠭᠤᠯᠬᠤ ᠳ᠋ᠤ ᠵᠢᠷᠤᠭᠤᠯᠤᠭᠰᠡᠨ 3 +X  ᠶᠡᠷᠦᠩᠬᠡᠢᠯᠡᠭ᠍ᠰᠡᠨ ᠴᠢᠳ᠋ᠠᠪᠦᠷᠢ ᠶᠢᠨ ᠪᠠᠢᠴᠠᠭᠠᠯᠳ᠋ᠠ ᠆ ᠆ ᠳᠤᠭᠠᠨ ᠦ ᠤᠬᠠᠭᠠᠨ 》 ᠂  《 2007 ᠤᠨ ᠦ ᠡᠩ ᠤᠨ ᠳᠡᠭᠡᠳ᠋ᠦ ᠵᠡᠷᠭᠡ ᠶᠢᠨ ᠰᠤᠷᠭᠠᠭᠤᠯᠢ ᠰᠢᠯᠭᠠᠭᠤᠯᠬᠤ ᠳ᠋ᠤ ᠵᠤᠷᠢᠭᠤᠯᠤᠭᠰᠠᠨ ᠆  ᠳᠤᠭᠠᠨ ᠦ ᠤᠬᠠᠭᠠᠨ 》  ᠂ 《  ᠡᠩ ᠤᠨ ᠳᠡᠭᠡᠳ᠋ᠦ ᠵᠡᠷᠭᠡ ᠶᠢᠨ ᠰᠤᠷᠭᠠᠭᠤᠯᠢ ᠳ᠋ᠤ ᠰᠢᠯᠭᠠᠭᠤᠯᠤᠭᠰᠡᠳ ᠲᠦ ᠵᠤᠷᠢᠭᠤᠯᠤᠭᠰᠡᠨ 3 + X ᠶᠡᠷᠦᠩᠬᠡᠢᠯᠡᠭ᠍ᠰᠡᠨ ᠪᠤᠯᠪᠠᠰᠤᠷᠠᠯ  ᠆  ᠲᠤᠭᠠᠨ ᠦ ᠤᠬᠠᠭᠠᠨ ᠦ ᠵᠠᠯᠠᠭᠤᠷ  》  ᠂ 《  ᠡᠩ ᠤᠨ ᠳᠤᠮᠳ᠋ᠠᠳ᠋ᠤ ᠰᠤᠷᠭᠠᠭᠤᠯᠢ ᠳ᠋ᠤ ᠬᠡᠷᠡᠭᠯᠡᠭᠦ ᠬᠢᠴᠢᠶᠡᠯ ᠤᠨ ᠪᠠᠷᠢᠮᠵᠢᠶ᠎ᠡ ᠶᠢᠨ ᠠᠯᠳ᠋ᠠᠨ ᠤᠨ᠋ᠠᠭ᠎ᠠ ᠴᠤᠪᠤᠷᠠᠯ ᠪᠤᠯᠪᠠᠰᠤᠷᠠᠯ ᠤᠨ ᠦᠷᠦᠭᠡ ᠆  ᠳᠤᠭᠠᠨ ᠦ ᠤᠬᠠᠭᠠᠨ 3  》 ᠭᠡᠭᠦ ᠳᠦ᠋ᠷᠪᠡᠨ ᠳᠡᠪᠳ᠋ᠡᠷ ᠨᠤᠮ ᠢ 《 ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶ᠎ᠡ 》  ᠪᠠ 《  ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ 》 ᠬᠡᠪᠯᠡᠭᠦᠯᠦᠨ ᠳᠠᠷᠬᠠᠭᠠᠪᠠ  ᠃

 

ᠡᠮᠦᠨᠡᠬᠢ ᠵᠣᠬᠢᠶᠠᠯᠠᠯᠲᠠᠠᠧᠴᠢᠷ ᠪᠠᠭᠰᠢ
ᠳᠠᠷᠠᠭᠠᠬᠢ ᠵᠣᠬᠢᠶᠠᠯᠰ · ᠦᠯᠵᠡᠢᠨ᠋ᠠᠷᠠᠨ ᠪᠠᠭᠰᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号