123456 0476-6223398
ᠨᠡᠷᠡᠲᠦ ᠪᠠᠭᠰᠢ ᠶᠢᠨ ᠲᠠᠪᠴᠠᠩ
ᠰ · ᠦᠯᠵᠡᠢᠨ᠋ᠠᠷᠠᠨ ᠪᠠᠭᠰᠢ
2016.08.17 ᠲᠣᠰ ᠥᠷᠲᠡᠭᠡᠨ ᠦ ᠨᠠᠢᠷᠠᠭᠤᠯᠤᠭᠴᠢ

ᠰ ᠂ ᠦᠯᠵᠡᠢᠨ᠋ᠠᠷᠠᠨ ᠂ ᠡᠷᠡᠭ᠍ᠳ᠋ᠡᠢ ᠂ ᠮᠣᠩᠭᠤᠯ ᠦᠨᠳ᠋ᠦᠰᠦᠳ᠋ᠡᠨ ᠂ 1963 ᠤᠨ ᠳᠤ ᠪᠠᠭᠠᠷᠢᠨ ᠪᠠᠷᠠᠭᠤᠨ ᠬᠤᠰᠢᠭᠤᠨ ᠦ ᠴᠠᠭᠠᠨ᠋ᠠᠭᠤᠷ ᠰᠤᠮᠤᠨ ᠳᠤ ᠰᠡᠷᠡᠡᠭ᠌ ᠂ ᠯᠢᠡᠭ᠍ᠰᠢ ᠶᠢᠨ ᠬᠣᠶᠠᠳ᠋ᠣᠭᠠᠷ ᠬᠦᠪᠡᠬᠦᠨ ᠪᠣᠯᠣᠨ ᠵᠠᠶᠠᠭᠠᠵᠠᠢ ᠃ ᠲᠤᠮᠳ᠋ᠠᠳ᠋ᠤ ᠰᠤᠷᠭᠠᠭᠤᠯᠢ ᠶᠢᠨ ᠲᠡᠭᠡᠳ᠋ᠤ ᠲᠡᠰ ᠤᠨ ᠪᠠᠭᠰᠢ ᠂ ᠤᠷᠤᠨ ᠦ ᠵᠢᠭᠠᠨ ᠰᠤᠷᠭᠠᠬᠤ ᠴᠢᠳ᠋ᠠᠪᠤᠷᠢᠳ᠋ᠠᠨ ᠂ ᠣᠷᠣᠨ ᠦ ᠨᠡᠷᠡᠳ᠋ᠣ ᠪᠠᠭᠰᠢ ᠃ ᠤᠯᠠᠭᠠᠨᠬᠠᠳ᠋ᠠ ᠬᠤᠳ᠋ᠠ ᠶᠢᠨ ᠮᠣᠩᠭᠤᠯ ᠬᠡᠯᠡ ᠪᠢᠴᠢᠭ᠌ ᠤᠨ ᠨᠡᠢᠬᠡᠮᠯᠢᠭ᠌ ᠤᠨ ᠭᠡᠰᠢᠬᠦᠨ ᠂ 《 ᠤᠯᠠᠭᠠᠨᠬᠠᠳ᠋ᠠ ᠶᠢᠨ ᠦᠨᠳ᠋ᠦᠰᠦᠳ᠋ᠡᠨ ᠦ ᠰᠤᠷᠭᠠᠨ ᠬᠦᠮᠦᠵᠢᠯ ᠰᠡᠳᠬᠦᠯ 》  ᠤ᠋ᠨ ᠤᠨᠴᠠ ᠤᠷᠢᠬᠰᠠᠨ ᠨᠠᠢᠷᠠᠭᠤᠯᠤᠬᠴᠢ ᠂ 《 ᠦᠪᠦᠷ ᠮᠣᠩᠭᠤᠯ ᠤᠨ ᠰᠤᠷᠭᠠᠨ ᠬᠦᠮᠦᠵᠢᠯ ᠰᠡᠳᠬᠦᠯ 》ᠤ᠋ᠨ ᠤᠨᠴᠠ ᠤᠷᠢᠬᠰᠠᠨ ᠨᠠᠢᠷᠠᠭᠤᠯᠤᠬᠴᠢ ᠂ ᠪᠦᠬᠦ ᠤᠯᠤᠰ ᠤᠨ ᠮᠣᠩᠭᠤᠯ ᠰᠤᠷᠬᠤ ᠪᠢᠴᠢᠭ᠌ ᠬᠢᠨ᠋ᠠᠬᠤ ᠺᠤᠮᠢᠰ ᠤᠨ ᠬᠡᠰᠢᠬᠦᠨ ᠂ ᠦᠪᠦᠷ ᠮᠤᠩᠭᠤᠯ ᠤᠨ ᠲᠤᠮᠳ᠋ᠠᠳ᠋ᠤ ᠪᠠᠭ᠎ᠠ ᠰᠤᠷᠭᠠᠭᠤᠯᠢ ᠶᠢᠨ  ᠮᠤᠩᠭᠤᠯ ᠬᠢᠳ᠋ᠡᠳ ᠵᠢᠭᠠᠬᠤ    ᠰᠤᠳ᠋ᠤᠯᠬᠤ ᠮᠠᠲ᠋ᠧᠷᠢᠶᠠᠯ ᠨᠡᠢᠭᠡᠮᠯᠢᠭ᠌ ᠤᠨ ᠬᠡᠰᠢᠭᠦᠨ ᠃

1983 ᠤᠨ ᠳᠤ ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠲᠡᠭᠡᠳ᠋ᠦ ᠲᠤᠮᠳ᠋ᠠᠳ᠋ᠤ ᠠ᠋ᠴᠠ ᠲᠡᠭᠦᠰᠴᠦ ᠂ ᠦᠪᠦᠷ ᠮᠤᠩᠭᠤᠯ ᠤᠨ ᠦᠨᠳ᠋ᠦᠰᠦᠳ᠋ᠡᠨ ᠦ ᠪᠠᠭᠰᠢ ᠶᠢᠨ ᠲᠡᠭᠡᠳ᠋ᠤ ᠰᠤᠷᠭᠠᠭᠤᠯᠢ ᠳ᠋ᠤ ᠰᠢᠯᠭᠠᠭᠳ᠋ᠠᠨ ᠤᠷᠤᠪᠠ ᠃ 1987 ᠣᠨ ᠳ᠋ᠣ ᠳ᠋ᠠᠪᠠᠨ ᠦ ᠨᠢᠭᠡᠳ᠋ᠦᠭᠡᠷ ᠳᠣᠮᠳ᠋ᠠᠳ᠋ᠣ ᠰᠣᠷᠭᠠᠭᠣᠯᠢ ᠳ᠋ᠣ ᠠᠵᠢᠯ ᠤᠨ ᠬᠣᠪᠢᠶᠠᠷᠢ ᠠᠪᠣᠭᠠᠳ ᠣᠳ᠋ᠣ ᠪᠣᠯᠳ᠋ᠠᠯ᠎ᠠ ᠠᠵᠢᠯᠯᠠᠵᠦ ᠪᠣᠢ ᠃ ᠡᠨ᠋ᠡ ᠬᠣᠭᠣᠴᠠᠭᠠᠨ ᠳ᠋ᠣ 16 ᠵᠢᠯ ᠠᠩᠭᠢ ᠶᠢᠨ ᠡᠷᠬᠢᠯᠡᠭᠴᠢ ᠶᠢᠨ ᠠᠵᠢᠯ ᠢ ᠡᠬᠦᠷᠭᠡᠯᠡᠵᠦ ᠂ ᠤᠨ ᠦ ᠲᠤᠭᠤᠢᠯᠠᠩ ᠤᠨ ᠳᠠᠷᠣᠭ᠎ᠠ ᠂ ᠵᠢᠭᠠᠬᠤ ᠶᠢ ᠰᠤᠳ᠋ᠤᠯᠬᠤ ᠲᠤᠭᠤᠢᠯᠠᠩ ᠤᠨ ᠲᠠᠷᠤᠭ᠎ᠠ ᠂ ᠮᠤᠷᠠᠯ ᠤᠨ ᠬᠦᠮᠦᠵᠢᠯ ᠤᠨ ᠭᠠᠵᠠᠷ ᠤᠨ ᠡᠷᠬᠢᠯᠡᠭᠴᠢ ᠂ ᠠᠵᠢᠯᠴᠢᠨ ᠦ ᠡᠪᠯᠡᠯ ᠤᠨ ᠳᠡᠷᠢᠬᠦᠯᠡᠭᠴᠢ ᠶᠢᠨ ᠠᠵᠢᠯ ᠢ  ᠬᠠᠷᠢᠭᠣᠴᠠᠵᠦ ᠂ ᠤᠳ᠋ᠤ ᠰᠤᠷᠭᠠᠭᠤᠯᠢ ᠶᠢᠨ ᠨᠠᠮ ᠤᠨ ᠡᠭᠦᠷ ᠤᠨ ᠲᠡᠳ᠋ ᠱᠦ᠋ᠵᠢ ᠪᠠᠷ ᠠᠵᠢᠯᠯᠠᠵᠤ ᠪᠤᠢ  ᠃

ᠲᠤᠰ ᠬᠦᠮᠦᠨ ᠦ ᠡᠷᠬᠢᠯᠡᠭ᠍ᠰᠡᠨ ᠠᠩᠭᠢ ᠨᠢ ᠤᠯᠠᠨ ᠤᠳ᠋ᠠᠭ᠎ᠠ ᠤᠷᠤᠨ ᠤ ᠬᠤᠳ᠋ᠠ ᠶᠢᠨ ᠲᠡᠰ ᠤᠨ ᠲᠡᠷᠢᠭᠦᠨ ᠦ ᠠᠩᠭᠢ ᠨᠢᠭᠡᠴᠡ ᠪᠠᠷ ᠬᠦᠬᠢᠭᠦᠯᠦᠭ᠍ᠳ᠋ᠡᠪᠡ ᠃ ᠤᠯᠤᠰ ᠤᠨ ᠨᠢᠭᠡᠳ᠋ᠦᠯᠳ᠋ᠡᠢ ᠰᠢᠯᠭᠠᠯᠳ᠋ᠠ ᠳᠤ ᠰᠤᠷᠤᠭᠴᠢ ᠴᠤᠯᠮᠤᠨ 2001 ᠤᠨ ᠳᠤ 144 ᠬᠤᠪᠢ ᠪᠠᠷ ᠤᠷᠤᠨ ᠳᠤ ᠲᠡᠷᠢᠭᠦᠯᠡᠵᠤ ᠂ ᠮᠤᠩᠭᠤᠯ ᠬᠡᠯᠡᠨ ᠦ ᠲᠡᠭ᠍ᠰᠢᠳᠭᠡᠯ ᠬᠤᠪᠢ ᠬᠤᠳ᠋ᠠ ᠳᠤ ᠬᠤᠶᠠᠳ᠋ᠤᠭᠠᠷ ᠭᠤᠷᠪᠠᠳ᠋ᠤᠭᠠᠷ ᠲᠣ ᠤᠷᠤᠭᠰᠠᠨ ᠤᠳ᠋ᠠᠭ᠎ᠠ ᠤᠯᠠᠨ ᠪᠤᠢ ᠃ 《  ᠨᠠᠢ᠍ᠮᠠᠨ ᠰᠢᠷᠭ᠎ᠠ 》 ᠵᠤᠬᠢᠶᠠᠯ ᠤᠨ ᠤᠷᠤᠯᠳ᠋ᠤᠭᠠᠨ ᠳᠤ ᠵᠢᠯᠤᠭᠤᠳ᠋ᠤᠭᠰᠠᠨ ᠰᠤᠷᠤᠭᠴᠢ ᠵᠠᠯᠭᠠᠮᠵᠢ ᠂ ᠰᠠᠷᠠᠨᠬᠡᠰᠢᠭ᠌ ᠂ ᠠᠰᠠᠨ᠎ᠠ ᠶᠢᠨ ᠵᠤᠬᠢᠶᠠᠯ ᠬᠤᠶᠠᠳ᠋ᠤᠭᠠᠷ ᠲᠡᠰ ᠲᠣ ᠤᠳ᠋ᠠᠭ᠎ᠠ ᠲᠠᠷᠠᠭᠠᠯᠠᠨ ᠲᠤᠳ᠋ᠤᠷᠠᠵᠤ ᠂ ᠲᠤᠰ ᠬᠦᠮᠦᠨ 《 ᠵᠢᠭᠠᠨ ᠵᠢᠯᠤᠭᠤᠳ᠋ᠤᠭᠴᠢ 》 ᠶ᠋ᠢᠨ ᠱᠠᠩᠨ᠋ᠠᠯ ᠭᠤᠷᠪᠠ ᠤᠳ᠋ᠠᠭ᠎ᠠ ᠬᠦᠷᠳ᠋ᠡᠪᠡ ᠃ 《 ᠢᠨᠵᠠᠨᠨ᠋ᠠᠰᠢ ᠬᠤᠨᠳ᠋ᠠᠭ᠎ᠠ 》ᠶ᠋ᠢᠨ ᠮᠦ᠋ᠷᠦᠢᠴᠡᠭᠡᠨ ᠳᠤ ᠳᠣᠰ ᠬᠦᠮᠦᠨ ᠦ ᠵᠢᠭᠠᠨ ᠵᠢᠯᠣᠭᠣᠳ᠋ᠣᠭᠰᠠᠨ ᠰᠤᠷᠤᠭᠴᠢ ᠬᠡᠬᠡᠨᠳ᠋ᠠᠨ᠎ᠠ ᠬᠤᠶᠠᠳ᠋ᠤᠭᠠᠷ ᠲᠡᠰ ᠂ ᠮᠦ᠋ᠳ᠋ᠡᠨ ᠭᠤᠷᠪᠠᠳ᠋ᠤᠭᠠᠷ ᠲᠡᠰ ᠤᠨ ᠱᠠᠩᠨ᠋ᠠᠯ ᠢ ᠬᠦᠷᠳ᠋ᠡᠵᠡᠢ ᠃

1995 ᠤᠨ ᠳᠤ ᠬᠤᠳ᠋ᠠ ᠶᠢᠨ ᠵᠠᠯᠠᠭᠣ ᠪᠠᠭᠰᠢ ᠨᠠᠷ ᠤᠨ ᠬᠢᠴᠢᠶᠡᠯ ᠤᠨ ᠦᠨᠳ᠋ᠦᠰᠦᠨ ᠴᠢᠳ᠋ᠠᠪᠣᠷᠢ ᠶᠢᠨ ᠮᠦ᠋ᠷᠦᠢᠴᠡᠭᠡᠨ ᠳᠤ ᠲᠡᠷᠢᠭᠦᠯᠡᠵᠤ ᠂ 2006 ᠤᠨ ᠳᠤ ᠪᠦᠭᠦ ᠤᠯᠤᠰ ᠤᠨ ᠮᠤᠩᠭᠤᠯ ᠬᠡᠯᠡ ᠪᠢᠴᠢᠭ᠌ ᠤᠨ ᠪᠠᠭᠰᠢ ᠨᠠᠷ ᠤᠨ ᠰᠢᠨ᠎ᠡ ᠬᠢᠴᠢᠶᠡᠯᠯᠡᠬᠡ ᠶᠢᠨ ᠮᠦ᠋ᠷᠦᠢᠴᠡᠭᠡᠨ ᠳᠤ ᠲᠡᠷᠢᠭᠦᠯᠡᠵᠡᠢ ᠃ 1992 ᠂ 2001 ᠤᠨ ᠳᠤ ᠬᠤᠰᠢᠭᠤ ᠵᠠᠰᠠᠭ ᠤᠨ ᠤᠷᠳ᠋ᠤᠨ ᠦ 《 ᠲᠡᠷᠢᠭᠦᠨ ᠦ ᠬᠤᠪᠢ 》 ᠬᠦᠮᠦᠨ ᠂ 2004 ᠂ 2010 ᠣᠨ ᠳ᠋ᠣ ᠬᠣᠰᠢᠭᠣ ᠵᠠᠰᠠᠭ ᠤᠨ ᠣᠷᠳ᠋ᠣᠨ ᠦ 《 ᠰᠣᠷᠭᠠᠨ ᠬᠦᠮᠦᠵᠢᠯ ᠤᠨ ᠳᠡᠷᠢᠬᠦᠨ ᠦ ᠠᠵᠢᠯᠳ᠋ᠡᠨ 》 ᠤ᠋ ᠱᠠᠡᠭ᠍ᠨ᠋ᠠᠯ ᠂ 1999 ᠤᠨ ᠂ 2000 ᠤᠨ ᠂ 2002 ᠤᠨ ᠳᠤ ᠬᠤᠰᠢᠭᠤ ᠨᠠᠮ ᠤᠨ ᠬᠤᠷᠢᠶ᠎ᠠ ᠂ ᠵᠠᠰᠠᠭ ᠤᠨ ᠤᠷᠳ᠋ᠤᠨ ᠦ 《 ᠮᠤᠩᠭᠤᠯ ᠦᠭᠡ ᠬᠡᠯᠡ ᠦᠰᠦᠭ᠌ ᠪᠢᠴᠢᠭ᠌ ᠢ ᠰᠤᠷᠴᠤ ᠭᠡᠷᠡᠭᠯᠡᠭ᠍ᠰᠡᠨ ᠲᠡᠷᠢᠭᠦᠨ ᠦ ᠬᠤᠪᠢ ᠭᠦᠮᠦᠨ 》 ᠤ᠋ ᠱᠠᠩᠨ᠋ᠠᠯ ᠂ 2002 ᠤᠨ ᠪᠠ 2015 ᠣᠨ ᠳ᠋ᠣ ᠬᠤᠰᠢᠭᠤ ᠵᠠᠰᠠᠭ ᠤᠨ ᠤᠷᠳ᠋ᠤᠨ ᠦ ᠤᠯᠤᠰ ᠤᠨ ᠰᠢᠯᠭᠠᠯᠳ᠋ᠠ ᠶᠢᠨ 《 ᠰᠢᠯᠢᠳ᠋ᠡᠭ᠌ ᠬᠢᠷᠢ ᠪᠦᠳ᠋ᠦᠮᠵᠢ 》ᠶ᠋ᠢᠨ ᠱᠠᠩᠨ᠋ᠠᠯ ᠂ 2002 ᠤᠨ ᠳᠤ ᠤᠯᠠᠭᠠᠨᠬᠠᠳ᠋ᠠ ᠬᠤᠳ᠋ᠠ ᠶᠢᠨ ᠮᠤᠷᠠᠯ ᠤᠨ ᠬᠦᠮᠦᠵᠢᠯ ᠤᠨ 《 ᠲᠡᠷᠢᠭᠦᠨ ᠦ ᠬᠤᠪᠢ ᠬᠦᠮᠦᠨ 》 ᠤ᠋ ᠱᠠᠩᠨ᠋ᠠᠯ ᠢ ᠲᠤᠰ ᠲᠤᠰ ᠭᠦᠷᠳ᠋ᠡᠪᠡ ᠃ 2015 ᠤᠨ ᠳ᠋ᠣ ᠰᠣᠷᠭᠠᠨ ᠬᠦᠮᠦᠵᠢᠯ ᠤᠨ ᠳᠣᠪᠴᠢᠶᠠᠨ ᠦ 《 ᠨᠠᠮ ᠤᠨ ᠰᠢᠯᠢᠳ᠋ᠡᠭ᠌ ᠭᠡᠰᠢᠬᠦᠨ 》 ᠵᠢᠠᠷ ᠬᠦᠬᠢᠬᠦᠯᠦᠭ᠍ᠳ᠋ᠡᠪᠡ ᠃ ᠲᠤᠰ ᠵᠢᠯ ᠳᠤ ᠦᠪᠡᠷᠳ᠋ᠡᠭᠡᠨ ᠵᠠᠰᠠᠬᠣ ᠣᠷᠣᠨ ᠦ ᠵᠢᠭᠠᠬᠤ ᠶᠢ ᠰᠣᠳ᠋ᠤᠯᠬᠤ ᠲᠥ᠋ᠪ ᠦᠨ ᠨᠠᠷᠠᠳ᠋ᠣ ᠪᠠᠭᠰᠢ ᠶᠢᠨ ᠢᠷᠠᠭᠣ ᠠᠯᠳ᠋ᠠᠷ ᠢ ᠬᠦᠷᠳ᠋ᠡᠪᠡ  ᠃

ᠪᠦᠬᠦ ᠤᠯᠤᠰ ᠤᠨ ᠮᠤᠩᠭᠤᠯ ᠰᠤᠷᠬᠤ ᠪᠢᠴᠢᠭ᠌ ᠬᠢᠨ᠋ᠠᠬᠤ ᠬᠤᠷᠠᠯ ᠳᠤ 《 ᠲᠤᠰᠬᠠᠢ ᠮᠡᠷᠭᠡᠵᠢᠯᠳ᠋ᠡᠨ 》 ᠵᠢᠠᠷ ᠤᠷᠢᠳ ᠬᠤᠵᠢᠳ ᠲᠠᠪᠤ ᠤᠳ᠋ᠠᠭ᠎ᠠ ᠤᠷᠢᠭᠳ᠋ᠠᠨ ᠤᠷᠤᠯᠴᠠᠪᠠ ᠃ 2013 ᠣᠨ ᠳ᠋ᠣ ᠰᠢᠯᠢᠩᠬᠤᠲᠠ ᠳ᠋ᠣ ᠶᠠᠪᠣᠭᠳ᠋ᠠᠭᠰᠠᠨ ᠨᠠᠢ᠍ᠮᠠᠨ ᠮᠣᠵᠢ ᠣᠷᠣᠨ ᠦ ᠠᠷᠪᠠᠳ᠋ᠣᠭᠠᠷ ᠣᠳ᠋ᠠᠭᠠᠨ ᠦ 《 ᠠᠷᠭᠠᠰᠣᠨ ᠬᠣᠨᠳ᠋ᠠᠭᠠᠳ᠋ᠣ 》 ᠮᠠᠷᠭᠣᠯᠳ᠋ᠣᠭᠠᠨ ᠦ ᠣᠨᠴᠠ ᠣᠷᠢᠭᠰᠠᠨ ᠬᠢᠨ᠋ᠠᠭᠴᠢ ᠪᠠᠷ ᠣᠷᠢᠭᠳ᠋ᠠᠨ ᠦᠨ᠋ᠡᠮᠯᠡᠯ ᠭᠠᠷᠳ᠋ᠠᠪᠠ ᠃ 2015 ᠣᠨ ᠳ᠋ᠣ ᠰᠢᠯᠢᠩᠬᠤᠲᠠ  ᠳ᠋ᠣ ᠶᠠᠪᠣᠭᠳ᠋ᠠᠭᠰᠠᠨ ᠪᠦᠬᠦ ᠣᠷᠣᠨ ᠦ ᠮᠣᠡᠭ᠍ᠭᠣᠯ ᠢᠶᠡᠷ ᠬᠢᠴᠢᠶᠡᠯᠯᠡᠵᠦ ᠪᠠᠢᠭ᠎ᠠ ᠳᠣᠮᠳ᠋ᠠᠳ᠋ᠣ ᠰᠣᠷᠭᠠᠭᠣᠯᠢ ᠶᠢᠨ ᠬᠡᠯᠡ ᠪᠢᠴᠢᠭ᠌ ᠤᠨ ᠪᠠᠭᠰᠢ ᠨᠠᠷ ᠤᠨ ᠦᠨᠳ᠋ᠦᠰᠦᠨ ᠴᠢᠳ᠋ᠠᠪᠣᠷᠢ ᠶᠢᠨ ᠮᠦ᠋ᠷᠦᠢᠴᠡᠭᠡᠨ ᠳ᠋ᠣ ᠬᠢᠨ᠋ᠠᠭᠴᠢ ᠪᠠᠷ ᠣᠷᠢᠭᠳ᠋ᠠᠪᠠ ᠃ 2015 ᠣᠨ ᠳ᠋ᠣ ᠣᠷᠣᠨ ᠦ ᠵᠢᠭᠠᠬᠣ ᠶᠢ ᠰᠣᠳ᠋ᠣᠯᠬᠣ ᠲᠦ᠋ᠪ ᠤᠨ ᠣᠷᠢᠯᠭ᠎ᠠ ᠪᠠᠷ ᠰᠢᠯᠢ ᠶᠢᠨ ᠭᠣᠣᠯ ᠠᠢᠮᠠᠭ ᠤᠨ ᠪᠠᠷᠠᠭᠣᠨ ᠦᠵᠦᠮᠦᠴᠢᠨ ᠬᠣᠰᠢᠭᠣᠨ ᠦ ᠶᠡᠷᠦᠡᠭ᠍ᠬᠡᠢᠯᠡᠭ᠍ᠰᠡᠨ ᠳᠣᠮᠳ᠋ᠠᠳ᠋ᠣ  ᠰᠤᠷᠭᠠᠭᠤᠯᠢ ᠶᠢᠨ ᠳᠡᠭᠡᠳ᠋ᠣ ᠭᠣᠷᠪᠠ ᠶᠢᠨ ᠬᠡᠯᠡ ᠪᠢᠴᠢᠭ᠌ ᠤᠨ ᠪᠠᠭᠰᠢ ᠨᠠᠷ ᠤᠨ ᠬᠢᠴᠢᠶᠡᠯ ᠢ ᠭᠣᠷᠪᠠᠨ ᠡᠳ᠋ᠦᠷ ᠰᠣᠨ᠋ᠣᠰᠴᠣ ᠦᠨ᠋ᠡᠯᠡᠯᠳ᠋ᠡ ᠦᠭ᠍ᠪᠡ ᠃

2003 ᠣᠨ ᠳ᠋ᠣ ᠡᠬᠢᠯᠡᠭ᠍ᠰᠡᠨ 《 ᠳᠠᠯ᠎ᠠ ᠶᠢᠨ ᠢᠷᠭᠣᠢ 》 ᠰᠤᠷᠭᠠᠭᠤᠯᠢ ᠶᠢᠨ ᠰᠡᠳᠬᠦᠯ ᠤᠨ ᠨᠠᠢᠷᠠᠭᠣᠯᠣᠭᠴᠢ ᠶᠢᠨ ᠠᠵᠢᠯ ᠢ ᠣᠳ᠋ᠣ ᠪᠣᠯᠳ᠋ᠠᠯ᠎ᠠ ᠡᠬᠦᠷᠭᠡᠯᠡᠵᠦ ᠨᠡᠢᠳ᠋ᠡ ᠬᠣᠷᠢᠨ ᠬᠣᠭᠣᠴᠠᠭ᠎ᠠ ᠶᠢ ᠬᠡᠪᠯᠡᠬᠦᠯᠵᠡᠢ ᠃ 2006 ᠣᠨ ᠳ᠋ᠣ ᠪᠦᠬᠦ ᠬᠣᠳ᠋ᠠ ᠶᠢᠨ ᠮᠣᠡᠭ᠍ᠭᠣᠯ ᠢᠶᠡᠷ ᠬᠢᠴᠢᠶᠡᠯᠯᠡᠵᠦ ᠪᠠᠢᠭ᠎ᠠ ᠳᠣᠮᠳ᠋ᠠᠳ᠋ᠣ ᠰᠣᠷᠭᠠᠭᠣᠯᠢ ᠨᠣᠭᠣᠳ ᠤᠨ ᠰᠣᠨ᠋ᠢᠨ ᠰᠡᠳᠬᠦᠯ ᠡᠷᠬᠢᠯᠡᠬᠦ ᠡᠭᠡᠯᠵᠢᠳ᠋ᠣ ᠬᠣᠷᠠᠯ ᠢ ᠰᠡᠳ᠋ᠦᠨ ᠡᠷᠬᠢᠯᠡᠵᠦ ᠣᠳ᠋ᠣ ᠪᠣᠯᠳ᠋ᠠᠯ᠎ᠠ ᠨᠠᠢ᠍ᠮᠠᠳᠡᠬᠢ  ᠣᠳ᠋ᠠᠭ᠎ᠠ ᠪᠣᠯᠵᠦ ᠪᠠᠢᠨ᠎ᠠ ᠃ 2016 ᠣᠨ ᠦ 5 ᠰᠠᠷ᠎ᠠ ᠳ᠋ᠣ ᠦᠪᠦᠷ ᠮᠣᠡᠭ᠍ᠭᠣᠯ ᠤᠨ ᠲᠸᠯᠸᠢᠰ ᠬᠣᠷᠢᠶᠠᠨ ᠦ 《 ᠦᠳ᠋ᠡᠰᠢ ᠶᠢᠨ ᠵᠣᠭᠣᠭ 》 ᠳᠣᠰᠬᠠᠢ ᠰᠣᠪᠠᠭ ᠲᠣ 《 ᠣᠡᠭ᠍ᠰᠢᠬᠣ ᠪᠠ ᠪᠢᠴᠢᠬᠦ ᠪᠣᠯ ᠬᠡᠯᠡ ᠰᠣᠷᠬᠣ ᠶᠢᠨ ᠪᠣᠭᠣᠮᠳ᠋ᠠ ᠮᠦ᠋ᠨ 》 ᠂ 《 ᠭᠡᠦᠭᠡᠳ ᠪᠣᠯ ᠢᠷᠡᠭᠡᠳ᠋ᠦᠢ 》 ᠭᠡᠬᠦ ᠬᠣᠶᠠᠷ ᠰᠡᠳ᠋ᠦᠪ ᠢᠶᠡᠷ ᠰᠣᠷᠪᠣᠯᠵᠢᠯᠠᠭ᠎ᠠ ᠬᠦᠯᠢᠶᠡᠪᠡ ᠃

ᠤᠷᠴᠢᠮ ᠤᠨ ᠭᠡᠳ᠋ᠦᠨ ᠵᠢᠯ ᠯᠢᠨᠳ᠋ᠦ᠋ᠩ ᠤᠨ ᠮᠤᠩᠭᠤᠯ ᠲᠤᠮᠳ᠋ᠠᠳ᠋ᠤ ᠰᠤᠷᠭᠠᠭᠤᠯᠢ ᠂ ᠨᠢᠩᠴᠧᠩ ᠤᠨ ᠮᠤᠩᠭᠤᠯ ᠲᠤᠮᠳ᠋ᠠᠳ᠋ᠤ ᠰᠤᠷᠭᠠᠭᠤᠯᠢ ᠂ ᠭᠡᠰᠢᠭ᠍ᠳ᠋ᠡᠨ ᠬᠤᠰᠢᠭᠤᠨ ᠦ ᠮᠤᠩᠭᠤᠯ ᠲᠤᠮᠳ᠋ᠠᠳ᠋ᠤ ᠰᠤᠷᠭᠠᠭᠤᠯᠢ ᠂ ᠪᠣᠷᠣᠬᠣᠳ᠋ᠠ ᠮᠣᠡᠭ᠍ᠭᠣᠯ ᠳᠣᠮᠳ᠋ᠠᠳ᠋ᠣ ᠰᠣᠷᠭᠠᠭᠣᠯᠢ ᠳᠤ ᠤᠷᠢᠭᠳ᠋ᠠᠨ ᠲᠡᠭᠡᠳ᠋ᠤ ᠭᠤᠷᠪᠠ ᠶᠢᠨ ᠰᠤᠷᠤᠭᠴᠢᠳ ᠲᠣ ᠵᠤᠬᠢᠶᠠᠨ ᠪᠢᠴᠢᠯᠭᠡ ᠶᠢᠨ ᠵᠢᠯᠤᠭᠤᠳ᠋ᠤᠮᠵᠢ ᠬᠢᠪᠡ ᠃ 2012— 2015 ᠣᠨ ᠦ ᠶᠡᠬᠡ ᠰᠣᠷᠭᠠᠭᠣᠯᠢ ᠶᠢᠨ ᠣᠯᠣᠰ ᠤᠨ ᠨᠢᠭᠡᠳ᠋ᠦᠯᠳ᠋ᠡᠢ ᠰᠢᠯᠭᠠᠯᠳ᠋ᠠ ᠶᠢᠨ ᠮᠣᠡᠭ᠍ᠭᠣᠯ ᠬᠡᠯᠡᠨ ᠦ ᠵᠣᠬᠢᠶᠠᠨ ᠪᠢᠴᠢᠯᠭᠡ ᠶᠢᠨ ᠰᠡᠳ᠋ᠦᠪ ᠢ ᠣᠨ᠋ᠣᠪᠴᠢᠳ᠋ᠡᠢ ᠮᠠᠭᠠᠳᠯᠠᠨ ᠳᠠᠭᠠᠷᠠᠭᠣᠯᠵᠦ ᠮᠣᠡᠭ᠍ᠭᠣᠯ ᠬᠡᠯᠡᠨ ᠦ ᠳᠡᠭ᠍ᠰᠢᠳᠬᠡᠯ ᠬᠣᠪᠢ ᠪᠣᠶᠣ ᠰᠣᠷᠭᠠᠭᠣᠯᠢ ᠳᠠᠪᠰᠢᠭᠰᠠᠨ ᠨᠣᠷᠮ᠎ᠠ ᠶᠢ ᠳᠡᠭᠡᠭ᠍ᠰᠢᠯᠡᠬᠦᠯᠬᠦ ᠳ᠋ᠣ ᠴᠢᠬᠣᠯᠠ ᠬᠣᠪᠢ ᠨᠡᠮᠡᠷᠢ ᠦᠵᠡᠬᠦᠯᠪᠡ ᠃ 2010—2015 ᠪᠣᠯᠳ᠋ᠠᠯ᠎ᠠ 《 ᠶᠡᠭᠡ ᠳᠡᠭᠡᠳ᠋ᠣ ᠰᠣᠷᠭᠠᠭᠣᠯᠢ ᠳ᠋ᠣ ᠰᠢᠯᠭᠠᠭᠣᠯᠣᠭᠰᠠᠳ ᠲᠣ ᠵᠣᠷᠢᠭᠣᠯᠣᠭᠰᠠᠨ ᠰᠣᠷᠢᠯᠳ᠋ᠠ ᠰᠡᠳ᠋ᠦᠪ 》 ᠂ 《 ᠶᠡᠭᠡ ᠳᠡᠭᠡᠳ᠋ᠣ ᠰᠣᠷᠭᠠᠭᠣᠯᠢ ᠳ᠋ᠣ ᠰᠢᠯᠭᠠᠭᠣᠯᠣᠭᠰᠠᠳ ᠲᠣ ᠵᠣᠷᠢᠭᠣᠯᠣᠭᠰᠠᠨ ᠰᠣᠷᠢᠯᠳ᠋ᠠ ᠵᠣᠬᠢᠶᠠᠯ 》 ᠂ 《 ᠳᠣᠮᠳ᠋ᠠᠳ᠋ᠣ ᠰᠢᠯᠭᠠᠯᠳ᠋ᠠ ᠳ᠋ᠣ ᠵᠣᠷᠢᠭᠣᠯᠣᠭᠰᠠᠨ ᠰᠣᠷᠢᠯᠳ᠋ᠠ ᠵᠣᠬᠢᠶᠠᠯ 》 ᠨᠠᠢᠷᠠᠭᠤᠯᠵᠤ ᠪᠦᠬᠦ ᠣᠷᠣᠨ ᠦ ᠮᠣᠡᠭ᠍ᠭᠣᠯ ᠢᠶᠡᠷ ᠬᠢᠴᠢᠶᠡᠯᠯᠡᠵᠦ ᠪᠠᠢᠭ᠎ᠠ ᠰᠣᠷᠭᠠᠭᠣᠯᠢ ᠨᠣᠭᠣᠳ ᠢᠶᠡᠷ ᠳᠠᠷᠬᠠᠭᠠᠵᠦ ᠰᠣᠷᠣᠭᠴᠢ ᠶᠢᠨ ᠵᠣᠬᠢᠶᠠᠨ ᠪᠢᠴᠢᠯᠭᠡ ᠳ᠋ᠣ ᠳᠣᠰᠠᠯᠠᠮᠵᠢ ᠪᠣᠯᠭᠠᠪᠠ ᠃

2015 ᠣᠨ ᠦ 6 ᠰᠠᠷ᠎ᠠ ᠳ᠋ᠣ ᠪᠣᠯᠣᠭᠰᠠᠨ ᠨᠠᠢ᠍ᠮᠠᠨ ᠮᠣᠵᠢ ᠣᠷᠣᠨ ᠦ ᠰᠣᠷᠭᠠᠭᠣᠯᠢ ᠶᠢᠨ ᠳᠠᠷᠣᠭ᠎ᠠ ᠨᠠᠷ ᠤᠨ ᠬᠣᠷᠠᠯ ᠤᠨ ᠦᠬᠦᠯᠡᠯ ᠤᠨ ᠰᠢᠯᠭᠠᠷᠠᠭᠣᠯᠣᠯᠳ᠋ᠠ ᠳ᠋ᠣ 《 ᠬᠡᠯᠡ ᠪᠢᠴᠢᠭ᠌ ᠤᠨ ᠵᠢᠭᠠᠨ ᠰᠣᠷᠭᠠᠯᠳ᠋ᠠ ᠶᠢᠨ ᠵᠠᠮ ᠳ᠋ᠣ ᠬᠢ ᠰᠡᠡᠭ᠍ᠭᠡᠷᠡᠯ 》 ᠭᠡᠬᠦ ᠦᠬᠦᠯᠡᠯ ᠨᠢ ᠨᠢᠭᠡᠳ᠋ᠦᠭᠡᠷ ᠳᠡᠰ ᠤᠨ ᠱᠠᠡᠭ᠍ᠨ᠋ᠡᠯ ᠬᠦᠷᠳ᠋ᠡᠵᠦ 《 ᠦᠪᠦᠷ ᠮᠣᠡᠭ᠍ᠭᠣᠯ ᠤᠨ ᠰᠣᠷᠭᠠᠨ ᠬᠦᠮᠦᠵᠢᠯ 》 ᠂ 《 ᠳᠣᠷᠭᠠᠨ ᠵᠢᠯᠣᠭᠣ 》 ᠂ 《 ᠮᠣᠡᠭ᠍ᠭᠣᠯ  ᠬᠡᠯᠡ ᠣᠳᠬ᠎ᠠ ᠵᠣᠬᠢᠶᠠᠯ 》 ᠂ 《 ᠠᠯᠳ᠋ᠠᠨ ᠦᠨᠳ᠋ᠦᠰᠣ 》 ᠵᠡᠷᠭᠡ ᠰᠣᠨ᠋ᠢᠨ ᠰᠡᠳᠬᠦᠯ ᠳ᠋ᠣ ᠦᠬᠦᠯᠡᠯ ᠢᠶᠡᠨ ᠣᠯᠠᠨᠳ᠋ᠠ ᠨᠡᠢᠳ᠋ᠡᠯᠡᠬᠦᠯᠵᠦ ᠠᠷᠪᠠᠨ ᠭᠣᠷᠪᠠᠨ ᠬᠣᠪᠢ ᠦᠬᠦᠯᠡᠯ ᠨᠢ ᠣᠯᠣᠰ ᠂ ᠣᠷᠣᠨ ᠂ ᠬᠣᠳ᠋ᠠ ᠶᠢᠨ ᠠᠳ᠋ᠠᠯᠢ ᠪᠣᠰᠣ ᠳᠠᠰ ᠤᠨ ᠱᠠᠡᠭ᠍ᠨ᠋ᠠᠯ ᠢ ᠬᠦᠷᠳ᠋ᠡᠪᠡ ᠃ 《 ᠦᠪᠦᠷ ᠮᠣᠡᠭ᠍ᠭᠣᠯ ᠤᠨ ᠵᠠᠯᠠᠭᠣᠴᠣᠳ ᠰᠡᠳᠬᠦᠯ 》 ᠂ 《 ᠬᠣᠨ ᠭᠠᠯᠠᠭᠣ 》  ᠵᠡᠷᠭᠡ ᠰᠣᠨ᠋ᠢᠨ ᠰᠡᠳᠬᠦᠯ ᠳ᠋ᠣ ᠬᠣᠶᠠᠷ ᠵᠠᠭᠣ ᠢᠯᠡᠬᠦᠦ ᠬᠣᠪᠢ ᠰᠢᠯᠦᠭ᠌ ᠵᠣᠬᠢᠶᠠᠯ ᠢᠶᠡᠨ ᠨᠡᠢᠳ᠋ᠡᠯᠡᠬᠦᠯᠪᠡ ᠃ 《 ᠲᠤᠮᠳ᠋ᠠᠳ᠋ᠤ ᠰᠤᠷᠭᠠᠭᠤᠯᠢ ᠶᠢᠨ ᠰᠤᠷᠤᠭᠴᠢᠳ ᠤᠨ ᠰᠢᠯᠢᠳ᠋ᠡᠭ᠌ ᠵᠤᠬᠢᠶᠠᠯ ᠤᠨ ᠵᠠᠳ᠋ᠠᠯᠤᠯᠳ᠋ᠠ 》 ᠂ 《 ᠰᠤᠨ᠋ᠢᠷᠬᠠᠯ ᠤᠨ ᠴᠤᠮᠤᠷᠯᠢᠭ 》 ᠂ 《 ᠶᠡᠭᠡ ᠲᠡᠭᠡᠳ᠋ᠤ ᠰᠤᠷᠭᠠᠭᠤᠯᠢ ᠳᠤ ᠰᠢᠯᠭᠠᠭᠤᠯᠤᠭᠰᠠᠳ ᠲᠣ ᠵᠤᠷᠢᠭᠤᠯᠤᠭᠰᠠᠨ ᠰᠢᠯᠢᠳ᠋ᠡᠭ᠌ ᠵᠤᠬᠢᠶᠠᠯ ᠤᠨ ᠵᠠᠳ᠋ᠠᠯᠤᠯᠳ᠋ᠠ 》 ᠬᠡᠬᠦ ᠨᠤᠮ ᠢᠶᠡᠨ ᠬᠡᠪᠯᠡᠭᠦᠯᠪᠡ ᠃

ᠡᠮᠦᠨᠡᠬᠢ ᠵᠣᠬᠢᠶᠠᠯᠤ ᠂ ᠪᠠᠶᠠᠨᠳ᠋ᠦᠭᠦᠷᠡᠩ ᠪᠠᠭᠰᠢ
ᠳᠠᠷᠠᠭᠠᠬᠢ ᠵᠣᠬᠢᠶᠠᠯᠭᠡᠢᠭᠰᠡᠨ ᠪᠠᠭᠰᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号