123456 0476-6223398
ᠨᠡᠷᠡᠲᠦ ᠪᠠᠭᠰᠢ ᠶᠢᠨ ᠲᠠᠪᠴᠠᠩ
ᠭᠡᠢᠭᠰᠡᠨ ᠪᠠᠭᠰᠢ
2016.08.17 ᠲᠣᠰ ᠥᠷᠲᠡᠭᠡᠨ ᠦ ᠨᠠᠢᠷᠠᠭᠤᠯᠤᠭᠴᠢ

ᠭᠡᠢᠭᠰᠡᠨ ᠂ ᠡᠮᠡᠭ᠍ᠳ᠋ᠠᠢ ᠂ ᠮᠤᠩᠭᠤᠯ ᠦᠨᠳ᠋ᠥᠰᠥᠳ᠋ᠠᠨ ᠂ ᠲᠤᠮᠳ᠋ᠠᠳ᠋ᠥ ᠰᠤᠷᠭᠠᠭᠤᠯᠢ ᠶᠢᠨ ᠳᠡᠭᠡᠳ᠋ᠦ ᠲᠡᠰ ᠦᠨ ᠪᠠᠭᠰᠢ ᠂  ᠤᠷᠤᠨ ᠦ ᠲᠡᠰ ᠦᠨ  ᠰᠢᠯᠢᠳ᠋ᠡᠭ᠌ ᠵᠢᠭᠠᠨ ᠰᠤᠷᠭᠠᠬᠤ ᠴᠢᠳ᠋ᠠᠪᠤᠷᠢᠳ᠋ᠠᠨ ᠂  ᠬᠤᠳ᠋ᠠ ᠲᠡᠰ ᠦᠨ ᠭᠤᠤᠯᠯᠠᠭᠴᠢ ᠪᠠᠭᠰᠢ ᠂  ᠬᠤᠰᠢᠭᠤ ᠲᠡᠰ ᠦᠨ ᠬᠢᠴᠢᠶᠡᠯ ᠲᠦ᠋ᠷᠥᠯ ᠦᠨ ᠲᠠᠭᠠᠭᠤᠯᠤᠭᠴᠢ  ᠃ 1970 ᠤᠨ  ᠦ 6 ᠰᠠᠷ᠎ᠠ  ᠶᠢᠨ 24 ᠳ᠋ᠤ ᠬᠡᠰᠢᠭ᠍ᠳ᠋ᠡᠨ ᠬᠤᠰᠢᠭᠤᠨ ᠦ  ᠪᠠᠶᠠᠩᠭᠤᠤᠯ ᠰᠤᠮᠥᠨ ᠦ ᠴᠠᠭᠠᠬᠤᠪᠤᠭ᠎ᠠ  ᠭᠠᠴᠠᠭᠠᠨ ᠳ᠋ᠤ ᠲᠦ᠋ᠷᠥᠵᠠᠢ ᠃ 1992 ᠤᠨ ᠦ 7 ᠰᠠᠷ᠎ᠠ ᠳ᠋ᠤ ᠦᠪᠤᠷ ᠮᠤᠩᠭᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠬᠢᠮᠢ ᠶᠢᠨ ᠰᠠᠯᠪᠤᠷᠢ ᠠ᠋ᠴᠠ ᠲᠡᠬᠦᠰᠴᠥ ᠂ 9 ᠰᠠᠷ᠎ᠠ ᠳ᠋ᠤ ᠳ᠋ᠠᠪᠠᠨ  ᠦ ᠨᠢᠬᠡᠳ᠋ᠥᠬᠡᠷ ᠲᠤᠮᠳ᠋ᠠᠳ᠋ᠥ ᠰᠤᠷᠭᠠᠭᠤᠯᠢ ᠳ᠋ᠤ  ᠬᠤᠪᠢᠶᠠᠭᠳ᠋ᠠᠨ ᠠᠵᠢᠯᠯᠠᠵᠥ ᠂ 24 ᠵᠢᠯ ᠪᠠᠭᠰᠢᠯᠠᠵᠥ ᠪᠤᠢ ᠃ 9 ᠵᠢᠯ ᠠᠩᠬᠢ ᠡᠷᠬᠢᠯᠡᠭᠴᠢ ᠶᠢᠨ ᠠᠵᠢᠯ ᠂ 4 ᠵᠢᠯ ᠵᠢᠭᠠᠬᠤ ᠶᠢ ᠰᠤᠳ᠋ᠥᠯᠬᠤ ᠲᠤᠭᠤᠢᠯᠠᠩ ᠶᠢᠨ ᠲᠠᠷᠤᠭ᠎ᠠ  ᠶᠢᠨ ᠡᠬᠦᠷᠬᠡ ᠶᠢ ᠬᠠᠷᠢᠭᠤᠴᠠᠪᠠ ᠃

1998 ᠤᠨ ᠳᠤ ᠬᠤᠳ᠋ᠠ ᠶᠢᠨ ᠰᠢᠯᠢᠳ᠋ᠡᠭ᠌ ᠬᠢᠴᠢᠶᠡᠯᠯᠡᠬᠡ ᠶᠢᠨ ᠮᠦ᠋ᠷᠤᠢᠴᠡᠬᠡᠨ ᠂ ᠤᠷᠥᠨ ᠦ ᠰᠢᠯᠢᠳ᠋ᠡᠭ᠌ ᠬᠢᠴᠢᠶᠡᠯᠯᠡᠬᠡ ᠶᠢᠨ ᠮᠦ᠋ᠷᠦᠢᠴᠬᠡᠨ ᠳᠤ ᠲᠣᠰ ᠲᠣᠰ ᠲᠡᠷᠢᠭᠦᠯᠡᠵᠡᠢ ᠃ 2007 ᠤᠨ ᠳᠤ ᠳᠤᠮᠳ᠋ᠠᠳ᠋ᠤ ᠤᠯᠤᠰ ᠤᠨ ᠰᠤᠷᠭᠠᠨ ᠬᠦᠮᠦᠵᠢᠯ  ᠦᠨ ᠬᠢᠮᠢ ᠶᠢᠨ ᠵᠢᠭᠠᠨ ᠰᠤᠷᠭᠠᠯᠲᠠ ᠶᠢᠨ ᠨᠡᠢᠭᠡᠮᠯᠢᠭ᠌ ᠡᠴᠡ ᠡᠷᠬᠢᠯᠡᠭᠰᠡᠨ ᠰᠢᠯᠢᠳ᠋ᠡᠭ᠌ ᠬᠢᠴᠢᠶᠡᠯᠯᠡᠬᠡ ᠶᠢᠨ ᠮᠦ᠋ᠷᠦᠢᠴᠡᠬᠡᠨ ᠳᠤ ᠬᠤᠶᠠᠳ᠋ᠥᠭᠠᠷ ᠲᠡᠰ ᠤᠨ ᠱᠠᠩᠨ᠋ᠠᠯ ᠬᠦᠷᠳ᠋ᠡᠭ᠍ᠰᠡᠨ ᠪᠠᠢᠨ᠎ᠠ ᠃ 2004—2006 ᠤᠨ ᠦ ᠭᠤᠷᠪᠠᠨ ᠵᠢᠯ ᠳ᠋ᠤ ᠬᠤᠰᠢᠭᠤ ᠂ ᠬᠤᠳ᠋ᠠ ᠂ ᠤᠷᠥᠨ ᠦ ᠲᠡᠰ ᠤᠨ ᠵᠢᠭᠠᠨ ᠰᠤᠷᠭᠠᠬᠤ ᠴᠢᠳ᠋ᠠᠪᠤᠷᠢᠳ᠋ᠠᠨ ᠦ ᠮᠥ᠋ᠷᠦᠢᠴᠡᠭᠡᠨ ᠳᠤ ᠤᠷᠥᠯᠴᠠᠨ ᠲᠤᠰᠪᠤᠷᠢ ᠰᠢᠯᠢᠳ᠋ᠡᠭ᠌ ᠵᠢᠭᠠᠨ ᠰᠤᠷᠭᠠᠬᠤ ᠴᠢᠳ᠋ᠠᠪᠤᠷᠢᠳ᠋ᠠᠨ ᠢᠶᠡᠷ  ᠴᠣᠯᠠᠯᠠᠭᠳ᠋ᠠᠪᠠ ᠂ 1998 ᠂ 2000 ᠂ 2001 ᠂ 2003 ᠤᠨ ᠳᠤ ᠤᠷᠥᠨ ᠦ ᠲᠡᠰ ᠤᠨ 《 ᠴᠡᠴᠡᠷᠯᠢᠭᠴᠢ 》 ᠵᠢᠠᠷ ᠱᠠᠩᠨ᠋ᠠᠭᠳ᠋ᠠᠵᠥ ᠂  2009  ᠂ 2012 ᠂2015 ᠤᠨ ᠳᠤ ᠬᠤᠰᠢᠭᠤ ᠵᠠᠰᠠᠭ ᠤᠨ ᠤᠷᠳ᠋ᠤᠨ ᠦ 《 ᠤᠯᠤᠰ ᠤᠨ ᠰᠢᠯᠭᠠᠯᠳ᠋ᠠ ᠶᠢᠨ ᠬᠢᠷᠢ ᠪᠦᠳ᠋ᠥᠮᠵᠢ 》 ᠵᠢᠨ ᠱᠠᠩᠨ᠋ᠠᠯ ᠢ ᠬᠦᠷᠳ᠋ᠡᠪᠡ ᠂ 2006 ᠤᠨ ᠳᠤ ᠬᠤᠳ᠋ᠠ ᠶᠢᠨ ᠵᠠᠰᠠᠭ  ᠤᠨ ᠤᠷᠳ᠋ᠥᠨ ᠦ 《 ᠬᠤᠶᠠᠳ᠋ᠤᠭᠠᠷ ᠲᠡᠰ ᠤᠨ ᠭᠠᠪᠢᠶ᠎ᠠ ᠲᠡᠮᠳ᠋ᠡᠭᠯᠡᠬᠦ ᠱᠠᠩᠨ᠋ᠠᠯ 》ᠢ᠋ ᠲᠤᠰᠪᠠ ᠃

 《 ᠰᠢᠯᠢᠳ᠋ᠡᠭ᠌ ᠰᠠᠢᠨ ᠪᠠᠭᠰᠢ ᠰᠤᠷᠤᠭᠴᠢ ᠶᠢᠨ ᠬᠠᠷᠢᠴᠠᠭ᠎ᠠ ᠶᠢ ᠪᠤᠢ ᠪᠤᠯᠭᠠᠵᠥ ᠂ ᠬᠡᠪ ᠴᠢᠨ᠋ᠠᠷ ᠤᠨ ᠰᠤᠷᠭᠠᠨ ᠬᠦᠮᠥᠵᠢᠯ ᠢ ᠲᠦ᠋ᠯᠬᠢᠨ ᠠᠬᠢᠭᠤᠯᠬᠤ ᠲᠤᠬᠠᠢ 》 ᠂ 《 ᠰᠤᠷᠤᠭᠴᠢ ᠶᠢᠨ ᠬᠠᠮᠢᠶᠷᠥᠯᠳ᠋ᠠ ᠶᠢᠨ ᠶᠠᠪᠤᠴᠠ ᠳᠤ ᠲᠠᠭᠤᠤ ᠬᠦᠭᠵᠢᠮ ᠤᠨ ᠦᠢᠯᠡᠳ᠋ᠥᠯ ᠢ ᠬᠦᠢᠴᠡᠳ ᠪᠠᠳ᠋ᠠᠷᠠᠭᠤᠯᠬᠤ ᠲᠤᠬᠠᠢ 》 ᠵᠡᠷᠬᠡ ᠵᠡᠷᠬᠡ ᠦᠬᠦᠯᠡᠯ  ᠤᠳ ᠠᠯᠳ᠋ᠠᠨ ᠦᠨᠳ᠋ᠥᠰᠥ ᠂ ᠲᠤᠷᠭᠠᠨ ᠵᠢᠯᠥᠭᠤ ᠂ ᠰᠢᠨᠵᠢᠯᠡᠬᠦ ᠤᠬᠠᠭᠠᠨ ᠵᠡᠷᠬᠡ ᠰᠡᠳᠬᠦᠯ ᠳᠤ ᠨᠠᠢᠳ᠋ᠡᠯᠡᠭ᠍ᠳ᠋ᠡᠵᠥ ᠦᠩᠬᠡᠷᠡᠪᠡ ᠃

2008 ᠤᠨ ᠳᠤ ᠪᠦᠬᠦ ᠤᠷᠥᠨ ᠦ ᠠᠩᠬ᠎ᠠ ᠲᠤᠮᠳ᠋ᠠᠳ᠋ᠥ ᠶᠢᠨ ᠬᠢᠮᠢ ᠶᠢᠨ ᠰᠢᠨ᠎ᠠ ᠬᠢᠴᠢᠶᠡᠯᠯᠡᠬᠡ ᠶᠢᠨ ᠵᠢᠭᠠᠨ ᠰᠤᠷᠭᠠᠯᠳ᠋ᠠ ᠶᠢᠨ ᠲᠡᠯᠬᠡᠨ ᠦᠵᠡᠬᠦᠯᠤᠯᠬᠡ ᠶᠢᠨ ᠬᠦᠳ᠋ᠡᠯᠬᠡᠬᠡᠨ ᠳᠤ ᠬᠢᠨ᠋ᠠᠭᠴᠢ ᠪᠠᠷ ᠂ 2010 ᠤᠨ ᠳᠤ ᠪᠦᠬᠦ ᠤᠷᠥᠨ ᠦ ᠬᠢᠴᠢᠶᠡᠯ ᠲᠦ᠋ᠷᠥᠯ ᠤᠨ ᠲᠠᠭᠠᠭᠤᠯᠤᠭᠴᠢ ᠶᠢᠨ ᠮᠥ᠋ᠷᠦᠢᠴᠡᠭᠡᠨ ᠳᠤ ᠬᠢᠨ᠋ᠠᠭᠴᠢ ᠪᠠᠷ ᠲᠤᠰ ᠲᠤᠰ ᠤᠷᠢᠭᠳ᠋ᠠᠵᠥ ᠂ 2014 ᠤᠨ ᠳᠤ ᠤᠯᠤᠰ ᠤᠨ ᠰᠢᠯᠭᠠᠯᠳ᠋ᠠ ᠶᠢᠨ ᠰᠡᠳ᠋ᠥᠪ ᠤᠷᠴᠢᠭᠤᠯᠬᠤ ᠠᠵᠢᠯ ᠳᠤ ᠤᠷᠢᠭᠳ᠋ᠠᠨ ᠤᠷᠤᠯᠴᠠᠪᠠ ᠃

 

ᠡᠮᠦᠨᠡᠬᠢ ᠵᠣᠬᠢᠶᠠᠯᠰ · ᠦᠯᠵᠡᠢᠨ᠋ᠠᠷᠠᠨ ᠪᠠᠭᠰᠢ
ᠳᠠᠷᠠᠭᠠᠬᠢ ᠵᠣᠬᠢᠶᠠᠯᠲᠠᠨ᠋ᠨ ᠪᠠᠭᠰᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号