123456 0476-6223398
ᠨᠡᠷᠡᠲᠦ ᠪᠠᠭᠰᠢ ᠶᠢᠨ ᠲᠠᠪᠴᠠᠩ
ᠲᠠᠨ᠋ᠨ ᠪᠠᠭᠰᠢ
2016.08.17 ᠲᠣᠰ ᠥᠷᠲᠡᠭᠡᠨ ᠦ ᠨᠠᠢᠷᠠᠭᠤᠯᠤᠭᠴᠢ

ᠲᠠᠨ᠋ᠨ ᠂ ᠡᠮᠡᠭ᠍ᠲᠠᠢ ᠂ ᠮᠤᠩᠭᠤᠯ ᠦᠨᠳ᠋ᠦᠰᠦᠲᠡᠨ ᠂ ᠲᠤᠮᠳ᠋ᠠᠲᠤ ᠰᠤᠷᠭᠠᠭᠤᠯᠢ ᠶᠢᠨ ᠳᠡᠭᠡᠳ᠋ᠦ ᠳᠡᠰ ᠤᠨ ᠪᠠᠭᠰᠢ ᠂ ᠤᠷᠤᠨ ᠦ ᠳᠡᠰ ᠤᠨ ᠰᠢᠯᠢᠳ᠋ᠡᠭ᠌ ᠵᠢᠭᠠᠨ ᠰᠣᠷᠭᠠᠬᠤ ᠴᠢᠳ᠋ᠠᠪᠤᠷᠢᠲᠠᠨ ᠃ 1964 ᠣᠨ ᠳᠤ ᠪᠠᠶᠠᠨᠲᠠᠯ᠎ᠠ ᠰᠣᠮᠣᠨ ᠦ ᠪᠤᠮᠲᠤ ᠭᠠᠴᠠᠭ᠎ᠠ ᠶᠢᠨ ᠮᠠᠯᠴᠢᠨ ᠷᠠᠰᠢᠸᠠᠩᠵᠢᠯ ᠂ ᠨᠠᠩᠰᠠᠯᠮ᠎ᠠ ᠶᠢᠨ ᠤᠣᠭᠠᠨ ᠬᠡᠣᠬᠡᠨ ᠪᠤᠯᠵᠤ ᠵᠠᠶᠠᠭᠠᠵᠠᠢ ᠃ 1979 ᠆ 1982 ᠤᠨ ᠪᠤᠯᠲᠠᠯ᠎ᠠ ᠳ᠋ᠠᠪᠠᠨ ᠦ ᠨᠢᠭᠡᠳ᠋ᠦᠭᠡᠷ ᠳᠤᠮᠳ᠋ᠠᠳ᠋ᠣ ᠰᠣᠷᠭᠠᠭᠤᠯᠢ ᠳᠤ ᠰᠣᠷᠣᠯᠴᠠᠵᠣ ᠂ 1987 ᠣᠨ ᠳᠤ ᠦᠪᠦᠷ ᠮᠤᠩᠭᠤᠯ ᠤᠨ ᠪᠠᠭᠰᠢ ᠶᠢᠨ ᠶᠡᠬᠡ ᠰᠣᠷᠭᠠᠭᠤᠯᠢ ᠶᠢᠨ ᠬᠢᠮᠢ ᠶᠢᠨ ᠰᠠᠯᠪᠤᠷᠢ ᠠ᠋ᠴᠠ ᠰᠣᠷᠤᠯᠭ᠎ᠠ ᠲᠡᠭᠦᠰᠴᠦ ᠂ ᠳ᠋ᠠᠪᠠᠨ ᠦ ᠨᠢᠭᠡᠳ᠋ᠦᠭᠡᠷ ᠳᠤᠮᠳ᠋ᠠᠳ᠋ᠣ ᠰᠣᠷᠭᠠᠭᠤᠯᠢ ᠳᠤ ᠬᠤᠪᠢᠶᠠᠭᠳ᠋ᠠᠨ ᠠᠵᠢᠯᠯᠠᠪᠠ ᠃

1996 ᠤᠨ ᠳᠤ ᠪᠤᠯᠤᠭᠰᠠᠨ ᠪᠦᠭᠦ ᠬᠤᠲᠠ ᠶᠢᠨ ᠵᠠᠯᠠᠭᠤ ᠪᠠᠭᠰᠢ ᠨᠠᠷ ᠤᠨ ᠦᠨᠳ᠋ᠦᠰᠦᠨ ᠴᠢᠳ᠋ᠠᠪᠤᠷᠢ ᠶᠢᠨ ᠮᠦ᠋ᠷᠦᠢᠴᠡᠭᠡᠨ ᠳᠤ ᠨᠢᠭᠡᠳ᠋ᠦᠭᠡᠷ ᠳᠡᠰ ᠤᠨ ᠱᠠᠩᠨ᠋ᠠᠯ ᠲᠤᠰᠴᠤ ᠂ 1999 ᠂ 2000 ᠂ 2001 ᠤᠨ ᠳᠤ ᠲᠤᠰ ᠲᠤᠰ ᠬᠤᠰᠢᠭᠤ ᠂ ᠬᠤᠲᠠ ᠂ ᠤᠷᠤᠨ ᠭᠤᠷᠪᠠᠨ ᠳᠡᠰ ᠤᠨ ᠰᠢᠯᠢᠳ᠋ᠡᠭ᠌ ᠵᠢᠭᠠᠨ ᠰᠣᠷᠭᠠᠬᠤ ᠴᠢᠳ᠋ᠠᠪᠤᠷᠢᠲᠠᠨ ᠢᠶᠡᠷ ᠴᠤᠯᠠᠯᠠᠭᠳ᠋ᠠᠵᠤ ᠂ 2001 ᠂ 2002 ᠤᠨ ᠳᠤ ᠲᠤᠰ ᠲᠤᠰ ᠬᠤᠰᠢᠭᠤ ᠂ ᠬᠤᠲᠠ ᠬᠤᠶᠠᠷ ᠳᠡᠰ ᠤᠨ ᠭᠤᠤᠯᠯᠠᠭᠴᠢ ᠪᠠᠭᠰᠢ ᠪᠠᠷ ᠦᠨ᠋ᠡᠯᠡᠭ᠍ᠳ᠋ᠡᠵᠤ ᠂ 2001 ᠤᠨ ᠳᠤ ᠬᠤᠰᠢᠭᠤ ᠳᠡᠰ ᠤᠨ ᠬᠢᠴᠢᠶᠡᠯ ᠲᠦ᠋ᠷᠦᠯ ᠤᠨ ᠳᠠᠭᠠᠭᠤᠯᠤᠭᠴᠢ ᠪᠠᠷ ᠴᠤᠯᠠᠯᠠᠭᠳ᠋ᠠᠵᠤ ᠂ 2004 ᠤᠨ ᠳᠤ ᠬᠤᠲᠠ ᠳᠡᠰ ᠤᠨ ᠬᠢᠴᠢᠶᠡᠯ ᠲᠦ᠋ᠷᠦᠯ ᠤᠨ ᠳᠠᠭᠠᠭᠤᠯᠤᠭᠴᠢ ᠶᠢᠨ ᠪᠤᠯᠪᠠᠰᠤᠷᠠᠯ ᠳᠤ ᠤᠷᠤᠯᠴᠠᠪᠠ ᠃ 1993 ᠤᠨ ᠳᠤ ᠬᠢᠮᠢ ᠶᠢᠨ ᠤᠯᠢᠮᠫᠢᠺ ᠤᠨ ᠮᠦ᠋ᠷᠦᠢᠴᠡᠭᠡᠨ ᠳᠤ 《 ᠰᠢᠯᠢᠳ᠋ᠡᠭ᠌ ᠵᠢᠭᠠᠨ ᠵᠢᠯᠤᠭᠤᠳ᠋ᠤᠭᠴᠢ 》 ᠪᠠᠷ ᠦᠨ᠋ᠡᠯᠡᠭ᠍ᠳ᠋ᠡᠵᠤ 1999 ᠤᠨ ᠳᠤ ᠬᠤᠰᠢᠭᠤᠨ ᠦ 《 ᠬᠢᠮᠢ ᠶᠢᠨ ᠪᠠᠭᠰᠢ ᠨᠠᠷ ᠤᠨ ᠲᠤᠷᠰᠢᠯᠲᠠ ᠶᠢᠨ ᠦᠨᠳ᠋ᠦᠰᠦᠨ ᠴᠢᠳ᠋ᠠᠪᠤᠷᠢ ᠶᠢᠨ ᠮᠦ᠋ᠷᠦᠢᠴᠡᠭᠡᠨ 》ᠳ᠋ᠦ ᠨᠢᠭᠡᠳ᠋ᠦᠭᠡᠷ ᠳᠡᠰ ᠤᠨ ᠱᠠᠩᠨ᠋ᠠᠯ ᠭᠦᠷᠲᠡᠵᠤ ᠂ 2004 ᠤᠨ ᠳᠤ ᠬᠤᠰᠢᠭᠤᠨ ᠦ ᠲᠸᠭ᠍ᠨ᠋ᠢᠭ᠌ ᠮᠡᠷᠭᠡᠵᠢᠯ ᠤᠨ ᠲᠤᠪᠴᠢᠶ᠎ᠠ ᠠ᠋ᠴᠠ ᠡᠷᠬᠢᠯᠡᠭ᠍ᠰᠡᠨ 《 ᠵᠢᠵᠢᠭ᠌ ᠡᠭᠦᠳ᠋ᠦᠯᠲᠡ ᠂ ᠵᠢᠵᠢᠭ᠌ ᠵᠠᠭᠪᠤᠷ ᠬᠢᠭᠦ 》 ᠭᠦᠳ᠋ᠡᠯᠭᠡᠭᠡᠨ ᠦ 《 ᠰᠢᠯᠢᠳ᠋ᠡᠭ᠌ ᠵᠢᠭᠠᠨ ᠵᠢᠯᠤᠭᠤᠳ᠋ᠤᠭᠴᠢ 》 ᠪᠠᠷ ᠱᠠᠩᠨ᠋ᠠᠭᠳ᠋ᠠᠪᠠ ᠃ 2007 ᠤᠨ ᠳᠤ ᠬᠤᠲᠠ ᠶᠢᠨ ᠲᠸᠭ᠍ᠨ᠋ᠢᠭ᠌ ᠮᠡᠷᠭᠡᠵᠢᠯ ᠤᠨ ᠲᠤᠪᠴᠢᠶ᠎ᠠ ᠠ᠋ᠴᠠ ᠡᠷᠬᠢᠯᠡᠭ᠍ᠰᠡᠨ 《 ᠲᠸᠭ᠍ᠨ᠋ᠢᠭ᠌ ᠮᠡᠷᠬᠡᠵᠢᠯ ᠤᠨ ᠰᠢᠨ᠎ᠡ ᠡᠭᠦᠳ᠋ᠦᠯᠲᠡ ᠦᠨ   ᠮᠦ᠋ᠷᠦᠢᠴᠡᠭᠡᠨ ᠳᠤ 《 ᠰᠢᠯᠢᠳ᠋ᠡᠭ᠌ ᠵᠢᠭᠠᠨ ᠵᠢᠯᠤᠭᠤᠳ᠋ᠤᠭᠴᠢ 》 ᠶ᠋ᠢᠨ ᠱᠠᠩᠨ᠋ᠠᠯ ᠭᠦᠷᠲᠡᠪᠡ ᠃ 2004 ᠤᠨ ᠳᠤ ᠪᠦᠭᠦ ᠤᠷᠤᠨ ᠦ 《 ᠰᠢᠨ᠎ᠡ ᠶᠢ ᠡᠭᠦᠳᠭᠦ ᠬᠢᠴᠢᠶᠡᠯᠯᠡᠭᠡ ᠶᠢᠨ ᠮᠦ᠋ᠷᠦᠢᠴᠡᠭᠡᠨ 》ᠤ᠋  ᠬᠢᠨ᠋ᠠᠭᠴᠢ ᠂ 2010 ᠤᠨ ᠳᠤ ᠪᠦᠭᠦ ᠤᠷᠤᠨ ᠦ 《 ᠬᠢᠮᠢ ᠶᠢᠨ ᠪᠠᠭᠰᠢ ᠨᠠᠷ ᠤᠨ ᠰᠢᠯᠢᠳ᠋ᠡᠭ᠌ ᠬᠢᠴᠢᠶᠡᠯᠯᠡᠭᠡ ᠶᠢᠨ ᠮᠦ᠋ᠷᠦᠢᠴᠡᠭᠡᠨ 》 ᠤ᠋ ᠬᠢᠨ᠋ᠠᠭᠴᠢ ᠪᠠᠷ ᠲᠤᠰ ᠲᠤᠰ ᠤᠷᠢᠭᠳ᠋ᠠᠵᠤ ᠠᠵᠢᠯᠯᠠᠪᠠ ᠃ 2011 ᠤᠨ ᠳᠤ ᠦᠪᠦᠷ  ᠮᠤᠩᠭᠤᠯ ᠤᠨ  ᠰᠤᠷᠭᠠᠨ ᠭᠦᠮᠦᠵᠢᠯ ᠤᠨ  ᠬᠡᠪᠯᠡᠯ ᠤᠨ  ᠬᠤᠷᠢᠶᠠᠨ ᠦ ᠪᠦᠭᠦ ᠤᠯᠤᠰ ᠤᠨ ᠮᠤᠩᠭᠤᠯ ᠰᠤᠷᠬᠤ ᠪᠢᠴᠢᠭ᠌ ᠢ ᠬᠢᠨ᠋ᠠᠨ ᠦᠨ᠋ᠡᠯᠡᠭᠦ ᠠᠵᠢᠯ ᠳᠤ ᠲᠤᠰᠬᠠᠢ ᠮᠡᠷᠭᠡᠵᠢᠯᠲᠡᠨ ᠢᠶᠡᠷ ᠤᠷᠢᠭᠳ᠋ᠠᠨ ᠠᠵᠢᠯᠯᠠᠪᠠ ᠃ 2013 ᠂ 2015 ᠂2016 ᠤᠨ ᠳᠤ ᠤᠯᠠᠭᠠᠨᠬᠠᠳ᠋ᠠ ᠬᠤᠲᠠ ᠶᠢᠨ ᠳᠤᠮᠳ᠋ᠠᠳ᠋ᠤ ᠰᠢᠯᠭᠠᠯᠲᠠ ᠶᠢᠨ ᠰᠡᠳ᠋ᠦᠪ ᠤᠷᠴᠢᠭᠤᠯᠬᠤ ᠠᠵᠢᠯ ᠳᠤ ᠲᠤᠰ ᠲᠤᠰ ᠤᠷᠢᠭᠳ᠋ᠠᠪᠠ ᠃

2007 ᠤᠠ ᠳᠤ 《 ᠵᠤᠸᠠᠩᠶᠤᠸᠠᠨ ᡁᠢ ᠯᠦ 》 ᠰᠢᠷᠢᠰ ᠨᠣᠮ ᠤᠨ ᠲᠡᠭᠡᠳ᠋ᠦ ᠨᠢᠭᠡᠳ᠋ᠥᠭᠡᠷ ᠤᠠ ᠦ ᠬᠡᠰᠡᠭ᠌ ᠤᠨ ᠨᠠᠢᠷᠠᠭᠤᠯᠬᠤ ᠠᠵᠢᠯ ᠳᠤ ᠤᠷᠤᠯᠴᠠᠵᠦ ᠂ 2009 ᠤᠠ ᠳᠤ ᠬᠢᠴᠢᠶᠡᠯ ᠤᠨ ᠪᠠᠷᠢᠮᠵᠢᠶ᠎ᠠ  《 ᠠᠯᠳ᠋ᠠᠨ ᠤᠨ᠋ᠠᠭ᠎ᠠ 》 ᠴᠤᠪᠤᠷᠠᠯ ᠪᠢᠴᠢᠭ᠌ ᠤᠨ 《 ᠳᠤᠮᠳ᠋ᠠᠳ᠋ᠥ ᠰᠢᠯᠭᠠᠯᠳ᠋ᠠ ᠶᠢᠨ ᠪᠤᠭᠤᠮᠳ᠋ᠠ ᠥᠷᠳ᠋ᠡᠭᠡ 》 ᠶ᠋ᠢᠨ ᠬᠢᠮᠢ ᠶᠢᠨ ᠬᠡᠰᠡᠭ᠌ ᠦᠨ ᠨᠠᠢᠷᠠᠭᠤᠯᠬᠤ ᠠᠵᠢᠯ ᠳᠤ ᠤᠷᠤᠯᠴᠠᠪᠠ ᠃ 《 ᠰᠢᠨ᠎ᠡ ᠬᠢᠴᠢᠶᠡᠯᠯᠡᠭᠡ ᠨᠢ ᠪᠠᠭᠰᠢ ᠨᠠᠷ ᠤᠨ ᠬᠤᠪᠢᠷᠠᠯᠳ᠋ᠠ ᠶᠢ ᠲᠤᠯᠭᠠᠮ᠎ᠠ ᠱᠠᠭᠠᠷᠳ᠋ᠠᠵᠦ ᠪᠣᠢ 》 ᠵᠡᠷᠭᠡ ᠦᠭᠦᠯᠡᠯ ᠨᠤᠭᠦᠳ ᠨᠢ ᠬᠤᠳ᠋ᠠ ᠤᠷᠤᠨ ᠳᠡᠰ ᠦᠨ ᠰᠤᠨ᠋ᠢᠨ ᠰᠡᠳᠭᠦᠯ ᠳᠤ ᠨᠡᠢᠳ᠋ᠡᠯᠡᠭ᠍ᠳ᠋ᠡᠪᠡ ᠃ ᠴ ᠂ ᠸᠠᠩᠵᠢᠯ ᠪᠠᠭᠰᠢ ᠲᠡᠢ ᠬᠠᠮᠳ᠋ᠥᠷᠠᠨ ᠪᠢᠴᠢᠭᠰᠡᠨ 《 ᠴᠤᠯᠠᠳ᠋ᠥ ᠭᠦᠷᠤᠨ ᠨᠤᠭᠦᠳ 》 ᠭᠡᠬᠦ ᠨᠣᠮ ᠨᠢ 1992 ᠤᠠ ᠳᠤ ᠪᠦᠬᠦ ᠤᠯᠤᠰ ᠤᠨ ᠨᠠᠢ᠍ᠮᠠᠨ ᠮᠤᠵᠢ ᠤᠷᠤᠨ ᠦ ᠨᠣᠮ ᠪᠢᠴᠢᠭ᠌ ᠦᠨ ᠰᠢᠯᠭᠠᠷᠠᠭᠤᠯᠤᠯᠳ᠋ᠠ ᠳᠤ ᠨᠢᠭᠡᠳ᠋ᠦᠭᠡᠷ ᠲᠡᠰ ᠦᠨ ᠱᠠᠩᠨᠠᠯ ᠬᠦᠷᠳ᠋ᠡᠵᠡᠢ ᠃ ᠰᠢᠨᠵᠢᠯᠡᠬᠦ ᠤᠬᠠᠭᠠᠨ ᠦ ᠤᠷᠠᠨ ᠵᠤᠬᠢᠶᠠᠯᠴᠢ ᠲᠠᠠᠭ᠌ ᠰᠢ ᠶᠠᠠᠭ᠌ ᠤᠨ 《 ᠪᠦᠮᠪᠦᠷᠴᠡᠭ᠌ ᠢᠶᠡᠷ ᠲᠤᠭᠤᠷᠢᠭᠰᠡᠨ ᠪᠡᠯᠭᠡᠳ᠋ᠦ ᠠᠶᠠᠯᠠᠯ 》 ᠂ ᠭᠦᠨ ᠤᠬᠠᠭᠠᠨ ᠦ ᠠᠯᠳ᠋ᠠᠷᠳ᠋ᠥ ᠵᠤᠬᠢᠶᠠᠯᠴᠢ ᠡᠤ ᠵᠢᠶᠸ ᠶᠢᠨ 《 ᠰᠢᠰᠲ᠋ᠸᠮᠳ᠋ᠦ ᠳ᠋ᠢᠶᠠᠯᠸᠺᠲᠢᠭ ᠤᠨ᠋ᠤᠯ 》 ᠂ 《 ᠪᠦᠬᠦᠯᠢ ᠴᠤᠭᠴᠠᠳ᠋ᠥ ᠤᠨ᠋ᠤᠯ 》 ᠂ ᠰᠤᠪᠤᠤᠰᠠᠢ ᠶᠢᠨ 《 ᠲᠤᠷᠭᠤᠳ ᠤᠨ ᠬᠡᠥᠬᠡᠨ 》 ᠵᠡᠷᠭᠡ ᠨᠤᠮ ᠤᠨ ᠤᠷᠴᠢᠭᠤᠯᠭ᠎ᠠ ᠶᠢᠨ ᠠᠵᠢᠯ ᠳᠤ ᠤᠷᠤᠯᠴᠠᠪᠠ ᠃ ᠡᠭᠥᠨ ᠡᠴᠡ ᠭᠠᠳ᠋ᠠᠨ᠎ᠠ 《 ᠰᠠᠨᠰᠠᠷ ᠤᠨ ᠡᠯᠴᠢ 》 ᠂ 《 ᠤᠷᠴᠢᠯᠠᠩ ᠤᠨ ᠨᠤᠪᠰᠢ 》 ᠵᠡᠷᠭᠡ ᠰᠢᠨᠵᠢᠯᠡᠬᠦ ᠤᠬᠠᠭᠠᠨ ᠢ ᠲᠥ᠋ᠭᠡᠮᠡᠯᠵᠢᠭᠥᠯᠬᠥ ᠵᠤᠬᠢᠶᠠᠯ ᠪᠢᠴᠢᠪᠡ ᠃

ᠡᠮᠦᠨᠡᠬᠢ ᠵᠣᠬᠢᠶᠠᠯᠭᠡᠢᠭᠰᠡᠨ ᠪᠠᠭᠰᠢ
ᠳᠠᠷᠠᠭᠠᠬᠢ ᠵᠣᠬᠢᠶᠠᠯᠰᠧ · ᠬᠠᠰᠠᠦ᠋ᠯᠵᠡᠢ ᠪᠠᠭᠰᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号