123456 0476-6223398
ᠨᠡᠷᠡᠲᠦ ᠪᠠᠭᠰᠢ ᠶᠢᠨ ᠲᠠᠪᠴᠠᠩ
ᠰᠧ · ᠬᠠᠰᠠᠦ᠋ᠯᠵᠡᠢ ᠪᠠᠭᠰᠢ
2016.08.17 ᠲᠣᠰ ᠥᠷᠲᠡᠭᠡᠨ ᠦ ᠨᠠᠢᠷᠠᠭᠤᠯᠤᠭᠴᠢ

ᠰᠸ · ᠬᠠᠰᠠᠦ᠋ᠯᠵᠡᠢ ᠂ ᠢᠷᠠᠭᠤ ᠨᠠᠢᠷᠠᠭᠴᠢ ᠂ ᠤᠷᠠᠨ ᠵᠤᠬᠢᠶᠡᠯ ᠤᠨ ᠰᠢᠭᠦᠮᠵᠢᠯᠡᠭᠴᠢ ᠂ ᠳᠤᠮᠳ᠋ᠠᠳ᠋ᠤ ᠰᠤᠷᠭᠠᠭᠤᠯᠢ ᠶᠢᠨ ᠳᠡᠭᠡᠳ᠋ᠦ ᠳᠡᠰ ᠤᠨ ᠪᠠᠭᠰᠢ ᠃ ᠲᠤᠮᠳ᠋ᠠᠳ᠋ᠤ ᠤᠯᠤᠰ ᠤᠨ ᠴᠦ᠋ᠭᠡᠨ ᠲᠤᠭᠠᠳ᠋ᠤ ᠦᠨᠳ᠋ᠦᠰᠦᠳ᠋ᠡᠨ ᠦ ᠵᠤᠬᠢᠶᠠᠯᠴᠢᠳ ᠤᠨ ᠨᠡᠢᠭᠡᠮᠯᠢᠭ᠌ ᠤᠨ ᠭᠡᠰᠢᠬᠦᠨ ᠂ ᠦᠪᠦᠷ ᠮᠤᠩᠭᠤᠯ ᠤᠨ ᠵᠤᠬᠢᠶᠠᠯᠴᠢᠳ ᠤᠨ ᠨᠡᠢᠬᠡᠮᠯᠢᠭ᠌ ᠤᠨ ᠭᠡᠰᠢᠬᠦᠨ ᠂ ᠦᠪᠦᠷ ᠮᠤᠩᠭᠤᠯ ᠤᠨ ᠤᠳᠬ᠎ᠠ  ᠤᠷᠠᠯᠢᠭ ᠰᠢᠬᠦᠮᠵᠢᠯᠡᠭᠴᠢᠳ ᠤᠨ ᠨᠡᠢᠬᠡᠮᠯᠢᠭ᠌ ᠤᠨ ᠭᠡᠰᠢᠬᠦᠨ ᠂ ᠲᠤᠮᠳ᠋ᠠᠳ᠋ᠤ ᠤᠯᠤᠰ ᠤᠨ ᠮᠤᠩᠭᠤᠯ ᠤᠳᠬ᠎ᠠ ᠵᠤᠬᠢᠶᠠᠯ ᠰᠤᠳ᠋ᠤᠯᠭᠠᠨ ᠦ ᠨᠡᠢᠬᠡᠮᠯᠢᠭ᠌ ᠤᠨ ᠬᠡᠰᠢᠭᠦᠨ ᠂  ᠦᠪᠦᠷ ᠮᠤᠩᠭᠤᠯ ᠤᠨ ᠮᠤᠩᠭᠤᠯ ᠵᠠᠩ ᠦᠢᠯᠡ ᠰᠤᠳ᠋ᠤᠯᠭᠠᠨ ᠦ ᠨᠡᠢᠬᠡᠮᠯᠢᠭ᠌ ᠤᠨ ᠭᠡᠰᠢᠬᠦᠨ ᠂ ᠦᠪᠦᠷ ᠮᠤᠩᠭᠤᠯ ᠤᠨ ᠲᠤᠮᠳ᠋ᠠᠳ᠋ᠤ ᠪᠠᠭ᠎ᠠ ᠰᠤᠷᠭᠠᠭᠤᠯᠢ ᠶᠢᠨ ᠮᠤᠩᠭᠤᠯ ᠬᠢᠳ᠋ᠠᠳ ᠵᠢᠭᠠᠬᠤ ᠮᠠᠲ᠋ᠸᠷᠢᠶᠠᠯ ᠰᠤᠳ᠋ᠤᠯᠬᠤ ᠨᠡᠢᠬᠡᠮᠯᠢᠭ᠌ ᠤᠨ ᠭᠡᠰᠢᠬᠦᠨ ᠂ ᠦᠪᠦᠷ ᠮᠤᠩᠭᠤᠯ ᠤᠨ ᠦᠪᠡᠷᠳ᠋ᠡᠭᠡᠨ ᠵᠠᠰᠠᠬᠤ ᠤᠷᠤᠨ ᠦ ᠰᠤᠷᠭᠠᠨ ᠬᠦᠮᠦᠵᠢᠯ ᠤᠨ ᠡᠷᠳ᠋ᠡᠮ ᠰᠢᠨᠵᠢᠯᠡᠭᠡᠨ ᠦ ᠨᠡᠢᠭᠡᠮᠯᠢᠭ᠌ ᠤᠨ ᠭᠡᠰᠢᠭᠦᠨ ᠃  ᠲᠡᠷᠡ ᠤᠷᠢᠳ ᠬᠤᠵᠢᠳ ᠤᠯᠠᠭᠠᠨᠬᠠᠳ᠋ᠠ ᠰᠤᠷᠭᠠᠨ ᠬᠦᠮᠦᠵᠢᠯ ᠤᠨ ᠳᠡᠭᠡᠳ᠋ᠦ ᠰᠤᠷᠭᠠᠭᠤᠯᠢ ᠶᠢᠨ ᠮᠤᠩᠭᠤᠯ ᠬᠡᠯᠡᠨ ᠦ ᠲᠤᠰᠬᠠᠢ ᠮᠡᠷᠭᠡᠵᠢᠯ ᠂ ᠦᠪᠦᠷ ᠮᠤᠩᠭᠤᠯ ᠤᠨ ᠶᠠᠬᠡ ᠰᠤᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠳᠤᠰᠬᠠᠢ ᠮᠡᠷᠭᠡᠵᠢᠯ ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠤᠳᠬ᠎ᠠ ᠵᠤᠬᠢᠶᠡᠯ ᠤᠨ ᠠᠰᠫᠢᠷᠠᠨᠲ ᠤᠨ ᠠᠩᠬᠢ ᠵᠡᠷᠭᠡ ᠶᠢ ᠲᠡᠭᠦᠰᠪᠠ ᠃

ᠦᠪᠦᠷ ᠮᠤᠩᠭᠤᠯ ᠤᠨ ᠦᠪᠡᠷᠳ᠋ᠡᠭᠡᠨ ᠵᠠᠰᠠᠬᠤ ᠤᠷᠤᠨ ᠦ ᠤᠷᠠᠨ ᠵᠤᠬᠢᠶᠠᠯ  ᠤᠨ 《 ᠰᠤᠯᠤᠩᠭ᠎ᠠ 》 ᠱᠠᠩᠨ᠋ᠠᠯ ᠂  ᠪᠦᠬᠦ ᠤᠯᠤᠰ ᠤᠨ 《 ᠪᠦᠪᠠᠢ ᠳᠡᠯᠡᠬᠡᠢ 》 ᠢᠷᠠᠭᠤ ᠨᠠᠢᠷᠠᠭ ᠤᠨ ᠨᠠᠭᠠᠳ᠋ᠦᠮ ᠤᠨ ᠲᠡᠷᠢᠭᠦᠨ 《 ᠠᠯᠳ᠋ᠠᠨ ᠪᠦᠪᠡᠢᠳ᠋ᠦ 》 ᠡᠷᠭᠦᠮᠵᠢᠯᠡᠯ  ᠂ 《 ᠴᠢᠮ᠎ᠠ ᠳᠠᠭᠠᠨ 》 ᠢᠵᠢᠯᠢ ᠭᠠᠷᠴᠠᠭᠳ᠋ᠤ ᠰᠢᠯᠦᠭ᠌ ᠤᠨ ᠤᠷᠤᠯᠳ᠋ᠤᠭᠠᠨ ᠦ ᠳᠡᠳ᠋ ᠪᠠᠢᠷᠢ ᠶᠢᠨ ᠱᠠᠩᠨ᠋ᠠᠯ ᠪᠠ ᠪᠦᠬᠦ ᠤᠯᠤᠰ ᠤᠨ 《 ᠨᠠᠢ᠍ᠮᠠᠨ ᠰᠢᠷᠭ᠎ᠠ 》 ᠶᠡᠬᠡ ᠤᠷᠤᠯᠳ᠋ᠤᠭᠠᠨ ᠦ  ᠵᠢᠯᠤᠭᠤᠳ᠋ᠤᠭᠰᠠᠨ ᠪᠠᠭᠰᠢ ᠶᠢᠨ ᠱᠠᠩᠨ᠋ᠠᠯ ᠢ ᠳᠠᠪᠤᠨᠳ᠋ᠠ ᠬᠦᠷᠳ᠋ᠡᠵᠦ ᠂ ᠨᠠᠢ᠍ᠮᠠᠨ ᠮᠤᠵᠢ ᠤᠷᠤᠨ ᠦ ᠰᠢᠨ᠎ᠡ ᠡᠭᠦᠳ᠋ᠦᠯᠳ᠋ᠦ ᠬᠢᠴᠢᠶᠡᠯᠯᠡᠭᠡ ᠶᠢᠨ ᠤᠷᠤᠯᠳ᠋ᠤᠭᠠᠨ ᠦ ᠳᠡᠷᠢᠭᠦᠨ ᠱᠠᠩᠨ᠋ᠠᠯ ᠂  ᠤᠷᠤᠨ ᠦ ᠰᠢᠨ᠎ᠡ ᠡᠭᠦᠳ᠋ᠦᠯᠳ᠋ᠦ ᠬᠢᠴᠢᠶᠡᠯᠯᠡᠭᠡ ᠶᠢᠨ ᠤᠷᠤᠯᠳ᠋ᠤᠭᠠᠨ ᠦ ᠳᠡᠷᠢᠭᠦᠨ ᠱᠠᠩᠨ᠋ᠠᠯ ᠂ ᠤᠷᠤᠨ ᠦ ᠳᠤᠮᠳ᠋ᠠᠳ᠋ᠤ ᠰᠤᠷᠭᠠᠭᠤᠯᠢ ᠶᠢᠨ ᠮᠤᠩᠭᠤᠯ ᠬᠡᠯᠡ ᠪᠢᠴᠢᠭ᠌ ᠤᠨ ᠭᠠᠷᠮᠠᠭᠠᠢ ᠵᠢᠭᠠᠨ ᠰᠤᠷᠭᠠᠭᠴᠢ ᠪᠠᠭᠰᠢ ᠶᠢᠨ ᠴᠤᠯᠠ ᠂ ᠤᠷᠤᠨ ᠦ ᠳᠤᠮᠳ᠋ᠠᠳ᠋ᠤ ᠰᠤᠷᠭᠠᠭᠤᠯᠢ ᠶᠢᠨ ᠮᠤᠩᠭᠤᠯ ᠬᠡᠯᠡ ᠪᠢᠴᠢᠭ᠌ ᠤᠨ ᠬᠢᠴᠢᠶᠡᠯ ᠲᠦ᠋ᠷᠦᠯ ᠤᠨ ᠳᠠᠭᠠᠭᠤᠯᠤᠭᠴᠢ ᠪᠠᠭᠰᠢ ᠶᠢᠨ ᠴᠤᠯᠠ ᠲᠤᠰ  ᠲᠣᠰ ᠬᠦᠷᠳ᠋ᠡᠪᠡ ᠃ 2007 ᠤᠨ ᠳ᠋ᠤ 《 ᠭᠠᠯ ᠳᠡᠯ 》 ᠬᠡᠮᠡᠬᠦ ᠰᠢᠯᠦᠭ᠌ ᠤᠨ ᠨᠤᠮ ᠢᠶᠡᠨ ᠬᠡᠪᠯᠡᠭᠦᠯᠵᠦ ᠂ 2009 ᠳ᠋ᠤ 《 ᠨᠠᠷᠠ ᠵᠢᠯᠳ᠋ᠠᠢ ᠬᠡᠤᠬᠡᠳ 》 ᠭᠡᠬᠦ ᠰᠢᠯᠦᠭ᠌ ᠤᠨ ᠨᠤᠮ   ( ᠮ ᠂ ᠪᠠᠶᠠᠨᠮᠠᠨᠳ᠋ᠤᠬᠤ ᠯᠤᠭ᠎ᠠ ) ᠬᠡᠪᠯᠡᠭᠦᠯᠵᠦ ᠂ 2012 ᠤᠨ ᠳ᠋ᠤ 《 ᠠᠯᠳ᠋ᠠᠨ ᠬᠤᠷ 》 ᠭᠡᠬᠦ ᠰᠢᠯᠦᠭ᠌ ᠤᠨ ᠨᠤᠮ ᠢᠶᠡᠨ  ᠬᠡᠪᠯᠡᠭᠦᠯᠵᠦ ᠂  2015 ᠤᠨ ᠳᠤ ᠮᠤᠩᠭᠤᠯ ᠳᠤᠮᠳ᠋ᠠᠳ᠋ᠤ ᠰᠤᠷᠭᠠᠭᠤᠯᠢ ᠨᠤᠭᠤᠳ ᠲᠦ ᠵᠢᠭᠠᠬᠤ ᠤᠷᠤᠨ ᠨᠤᠳ᠋ᠤᠭ ᠤᠨ ᠬᠢᠴᠢᠶᠡᠯ ᠤᠨ ᠪᠢᠴᠢᠭ᠌ 《 ᠭᠡᠰᠡᠷ ᠰᠤᠶᠤᠯ 》  ᠭᠡᠭᠦ ᠨᠤᠮ ᠢ ᠡᠷᠬᠢᠯᠡᠨ ᠨᠠᠢᠷᠠᠭᠤᠯᠵᠦ  ᠬᠡᠪᠯᠡᠬᠦᠯᠪᠡ ᠃  2016 ᠤᠨ ᠳ᠋ᠤ 《 ᠭᠡᠰᠡᠷ ᠭᠡᠷᠡᠯ 》  ᠰᠢᠯᠦᠭ᠌ ᠤᠨ ᠨᠤᠮ ᠢᠶᠡᠨ ᠬᠡᠪᠯᠡᠯ ᠳ᠋ᠤ ᠳᠡᠪᠰᠢᠭᠦᠯᠪᠡ ᠃ ᠶᠢᠰᠦᠨ ᠵᠢᠯ ᠤᠨ ᠳᠦ᠋ᠷᠢᠮᠲᠦ  ᠠᠯᠪᠠᠨ ᠵᠢᠷᠦᠮ ᠤᠨ ᠰᠤᠷᠭᠠᠨ ᠬᠦᠮᠦᠵᠢᠯ ᠤᠨ ᠮᠤᠩᠭᠤᠯ ᠰᠤᠷᠭᠠᠭᠤᠯᠢ ᠶᠢᠨ ᠦᠪᠡᠷᠳ᠋ᠡᠭᠡᠨ ᠡᠵᠡᠮᠳ᠋ᠡᠨ ᠰᠤᠷᠬᠤ 《 ᠬᠡᠯᠡ ᠪᠢᠴᠢᠭ᠌ 》 ᠂ ᠬᠡᠯᠡ ᠪᠢᠴᠢᠭ᠌ ᠤᠨ 《 ᠯᠠᠪᠯᠠᠬᠤ ᠪᠢᠴᠢᠭ᠌ 》  ᠢ᠋ ᠪᠤᠰᠤᠳ ᠳᠠᠢ ᠬᠠᠮᠳ᠋ᠤ ᠨᠠᠢᠷᠠᠭᠤᠯᠤᠨ ᠵᠤᠬᠢᠶᠠᠪᠠ ᠃ 《 ᠬᠢᠶᠠᠨ ᠴᠤᠮᠤ 》 ᠵᠡᠷᠭᠡ ᠤᠯᠠᠨ ᠨᠤᠮ ᠳ᠋ᠤ ᠨᠠᠢᠷᠠᠭᠤᠯᠤᠭᠴᠢ ᠪᠠᠷ ᠠᠵᠢᠯᠯᠠᠭᠰᠠᠨ ᠪᠦᠭᠡᠳ ᠳᠤᠮᠳ᠋ᠠᠳ᠋ᠤ ᠰᠢᠯᠭᠠᠯᠳ᠋ᠠ ᠶᠢᠨ ᠰᠡᠳ᠋ᠦᠪ ᠭᠠᠷᠭᠠᠬᠤ ᠵᠡᠷᠭᠡ ᠠᠵᠢᠯ  ᠢ ᠬᠡᠳ᠋ᠦᠨᠳ᠋ᠡ ᠠᠮᠵᠢᠯᠳ᠋ᠠ ᠲᠡᠢ ᠪᠡᠶᠡᠯᠡᠭᠦᠯᠪᠡ ᠃ ᠶᠡᠬᠡ ᠳᠡᠭᠡᠳ᠋ᠦ ᠰᠤᠷᠭᠠᠭᠤᠯᠢ ᠂ ᠳᠤᠮᠳ᠋ᠠᠳ᠋ᠤ ᠰᠤᠷᠭᠠᠭᠤᠯᠢ ᠶᠢᠨ ᠰᠤᠷᠬᠤ ᠪᠢᠴᠢᠭ᠌ ᠲᠣ ᠵᠤᠬᠢᠶᠡᠯ ᠪᠦᠳ᠋ᠦᠭᠡᠯ ᠨᠢ ᠰᠤᠩᠭᠤᠭᠳ᠋ᠠᠪᠠ ᠃ 2007 ᠤᠨ ᠤ 10 ᠰᠠᠷ᠎ᠠ ᠳ᠋ᠤ 《 ᠰᠸ ᠂ ᠬᠠᠰᠠᠦ᠋ᠯᠵᠡᠢ ᠶᠢᠨ < ᠭᠠᠯ ᠳᠡᠯ > ᠰᠢᠯᠦᠭ᠌ ᠤᠨ  ᠲᠡᠭᠦᠪᠦᠷᠢ ᠶᠢ ᠰᠤᠳ᠋ᠤᠯᠤᠨ ᠶᠠᠷᠢᠯᠴᠠᠬᠤ ᠬᠤᠷᠠᠯ 》 ᠢ ᠦᠪᠦᠷ ᠮᠤᠩᠭᠤᠯ ᠤᠨ ᠵᠤᠬᠢᠶᠠᠯᠴᠢᠳ ᠤᠨ ᠨᠡᠢᠬᠡᠮᠯᠢᠭ᠌ ᠂ 《 ᠦᠨ᠋ᠢᠷ ᠴᠡᠴᠡᠭ᠌ 》 ᠰᠡᠳᠭᠦᠯ  ᠤᠨ ᠬᠤᠷᠢᠶ᠎ᠠ ᠂ 《 ᠠᠯᠳ᠋ᠠᠨ ᠲᠦ᠋ᠯᠬᠢᠭᠦᠷ 》 ᠰᠡᠳᠭᠦᠯ ᠤᠨ ᠨᠠᠢᠷᠠᠭᠤᠯᠬᠤ ᠬᠡᠯᠳ᠋ᠡᠰ ᠠ᠋ᠴᠠ ᠭᠤᠤᠯᠯᠠᠨ ᠡᠷᠬᠢᠯᠡᠵᠦ ᠂  ᠪᠠᠭᠠᠷᠢᠨ ᠪᠠᠷᠠᠭᠤᠨ ᠬᠤᠰᠢᠭᠤᠨ ᠦ ᠰᠤᠷᠭᠠᠨ ᠭᠦᠮᠦᠵᠢᠯ ᠤᠨ ᠳᠤᠪᠴᠢᠶ᠎ᠠ ᠂ ᠳ᠋ᠠᠪᠠᠨ  ᠦ ᠨᠢᠭᠡᠳ᠋ᠦᠭᠡᠷ ᠳᠤᠮᠳ᠋ᠠᠳ᠋ᠤ ᠰᠤᠷᠭᠠᠭᠤᠯᠢ ᠠ᠋ᠴᠠ ᠳᠠᠭᠠᠭᠠᠴᠢᠯᠠᠨ ᠡᠷᠬᠢᠯᠡᠭ᠍ᠰᠡᠨ ᠪᠠᠢᠨ᠎ᠠ ᠃ 《 < ᠳᠤᠮᠤᠭᠴᠢ > ᠬᠡᠳ᠋ᠡᠭ᠌ ᠦᠭᠡ ᠶᠢ ᠮᠦ᠋ᠰᠬᠢᠬᠦ ᠨᠢ  》 ᠭᠡᠭᠦ ᠦᠭᠦᠯᠡᠯ ᠨᠢ ᠦᠪᠦᠷ ᠮᠤᠩᠭᠤᠯ ᠤᠨ ᠦᠪᠡᠷᠳ᠋ᠡᠭᠡᠨ ᠵᠠᠰᠠᠬᠤ ᠤᠷᠤᠨ ᠦ ᠰᠤᠷᠭᠠᠨ ᠬᠦᠮᠦᠵᠢᠯ ᠤᠨ ᠡᠷᠳ᠋ᠡᠮ ᠰᠢᠨᠵᠢᠯᠡᠭᠡᠨ ᠦ ᠨᠡᠢᠭᠡᠮᠯᠢᠭ᠌ ᠤᠨ ᠱᠠᠩᠨ᠋ᠠᠯ ᠂ 《 ᠮᠤᠩᠭᠤᠯᠴᠤᠳ ᠤᠨ ᠨᠢᠭᠦᠯᠡᠰᠦᠩᠭᠦᠢ ᠰᠡᠳᠬᠢᠯᠭᠡᠨ ᠦ ᠤᠷᠠᠨ ᠪᠠᠷᠢᠯᠭ᠎ᠠ— < ᠳᠡᠬᠡ ᠶᠢᠨ ᠵᠤᠭᠰᠤᠭᠠᠯ > 》 ᠬᠡᠬᠦ ᠦᠭᠦᠯᠡᠯ ᠨᠢ ᠤᠷᠤᠨ ᠦ ᠵᠢᠭᠠᠬᠤ ᠶᠢ ᠰᠤᠳ᠋ᠤᠯᠬᠤ ᠲᠦ᠋ᠪ ᠤᠨ ᠨᠢᠭᠡᠳ᠋ᠦᠭᠡᠷ ᠳᠡᠰ ᠤᠨ ᠱᠠᠩᠨ᠋ᠠᠯ ᠂ 《 ᠬ ᠂  ᠳ᠋ᠠᠮᠪᠢᠵᠠᠯᠰᠠᠨ ᠦ ᠪᠤᠷᠬᠠᠨ ᠪᠤᠳ᠋ᠳ᠋ᠾᠠ ᠶᠢᠨ ᠰᠡᠳ᠋ᠤᠪᠯᠡᠭᠦᠨᠳ᠋ᠦ ᠰᠢᠯᠦᠭ᠌ ᠲᠦ ᠳᠤᠰᠬᠠᠭᠳ᠋ᠠᠭᠰᠠᠨ ᠶᠢᠷᠳ᠋ᠢᠨᠴᠦᠰ ᠤᠨ ᠦᠵᠡᠯ ᠢ ᠰᠢᠨᠵᠢᠯᠡᠭᠦ ᠨᠢ 》 ᠬᠡᠬᠦ ᠦᠭᠦᠯᠡᠯ ᠨᠢ ᠨᠠᠢ᠍ᠮᠠᠨ ᠮᠤᠵᠢ ᠤᠷᠤᠨ ᠦ ᠮᠤᠩᠭᠤᠯ ᠳᠤᠮᠳ᠋ᠠᠳ᠋ᠤ ᠰᠤᠷᠭᠠᠭᠤᠯᠢ ᠶᠢᠨ ᠰᠤᠷᠭᠠᠨ ᠬᠦᠮᠦᠵᠢᠯ ᠤᠨ ᠨᠡᠢᠭᠡᠮᠯᠢᠭ᠌ ᠤᠨ ᠨᠢᠭᠡᠳ᠋ᠦᠭᠡᠷ ᠳᠡᠰ ᠤᠨ ᠱᠠᠩᠨ᠋ᠠᠯ ᠢ ᠳᠤᠰ ᠳᠤᠰ ᠬᠦᠷᠳ᠋ᠡᠪᠡ ᠃ ᠰᠢᠯᠦᠭ᠌ ᠪᠦᠳ᠋ᠦᠭᠡᠯ ᠨᠢ 《 ᠤᠳ᠋ᠤ ᠦᠶ᠎ᠡ ᠶᠢᠨ ᠰᠢᠯᠢᠳ᠋ᠡᠭ᠌ ᠮᠤᠩᠭᠤᠯ ᠤᠷᠠᠨ ᠵᠤᠬᠢᠶᠠᠯ ᠤᠨ ᠰᠤᠩᠭᠤᠮᠠᠯ 》 ᠂ 《 ᠪᠠᠷᠠᠭᠤᠨ ᠪᠠᠭᠠᠷᠢᠨ ᠦ ᠰᠤᠯᠤᠩᠭ᠎ᠠ ᠱᠠᠩᠨ᠋ᠠᠯᠳ᠋ᠤ ᠤᠷᠠᠨ ᠵᠤᠬᠢᠶᠠᠯ ᠤᠨ ᠡᠮᠬᠢᠳᠬᠡᠯ 》 ᠵᠡᠷᠭᠡ ᠠᠷᠪᠠᠨ ᠬᠡᠳ᠋ᠦᠨ ᠳᠡᠭᠦᠪᠦᠷᠢ ᠳ᠋ᠤ ᠰᠤᠩᠭᠤᠭᠳ᠋ᠠᠭᠰᠠᠨ ᠮᠦ᠋ᠷᠳ᠋ᠡᠭᠡᠨ 《 ᠦᠪᠦᠷ ᠮᠤᠩᠭᠤᠯ ᠤᠨ ᠤᠳ᠋ᠤ ᠦᠶ᠎ᠡ ᠶᠢᠨ ᠰᠢᠯᠢᠳ᠋ᠡᠭ᠌ 》 ᠂ 《 ᠦᠪᠦᠷ ᠮᠤᠩᠭᠤᠯ ᠤᠨ ᠢᠷᠠᠭᠤ ᠨᠠᠢᠷᠠᠭ ᠤᠨ ᠳᠡᠭᠡᠵᠢᠰ 》 ᠵᠡᠷᠭᠡ ᠮᠣᠩᠭᠤᠯ ᠤᠯᠤᠰ ᠲᠦ  ᠺᠢᠷᠢᠯ ᠦᠰᠦᠭ᠌  ᠢᠶᠡᠷ ᠬᠡᠪᠯᠡᠭ᠍ᠳ᠋ᠡᠭ᠍ᠰᠡᠨ  ᠰᠢᠯᠦᠭ᠌ ᠤᠨ ᠰᠤᠩᠭᠤᠮᠠᠯ ᠳ᠋ᠤ ᠤᠳ᠋ᠠᠭ᠎ᠠ ᠳᠠᠷᠠᠭᠠᠯᠠᠨ ᠰᠢᠯᠢᠭ᠍ᠳ᠋ᠡᠨ ᠤᠷᠤᠵᠠᠢ ᠃

ᠳᠡᠷᠡ ᠪᠠᠷ ᠰᠤᠨ᠋ᠢᠨ ᠰᠡᠳᠬᠦᠯ ᠳ᠋ᠤ 100 ᠢᠯᠡᠭᠦᠦ ᠦᠬᠦᠯᠡᠯ ᠰᠢᠬᠦᠮᠵᠢ  ᠂ 800 ᠭᠠᠷᠤᠢ ᠰᠢᠯᠦᠭ᠌  ᠪᠦᠳ᠋ᠦᠭᠡᠯ ᠢᠶᠡᠨ ᠨᠡᠢᠳ᠋ᠡᠯᠡᠬᠦᠯᠪᠡ ᠃  ᠪᠠᠰᠠ 《 ᠨᠠᠢ᠍ᠮᠠᠨ ᠰᠢᠷᠭ᠎ᠠ 》 ᠵᠤᠬᠢᠶᠠᠨ ᠪᠢᠴᠢᠯᠭᠡ ᠶᠢᠨ ᠶᠡᠬᠡ ᠤᠷᠤᠯᠳ᠋ᠤᠭᠠᠨ ᠂ 《 ᠳᠠᠷᠬᠠᠨ ᠭᠡᠯᠡ 》 ᠢᠷᠠᠭᠤ ᠤᠩᠰᠢᠯᠭ᠎ᠠ ᠶᠢᠨ ᠶᠡᠭᠡ ᠤᠷᠤᠯᠳ᠋ᠤᠭᠠᠨ ᠂ ᠪᠦᠬᠦ ᠤᠯᠤᠰ ᠤᠨ 《 ᠲᠩᠷᠢ ᠶᠢᠨ ᠪᠤᠳ᠋ᠤᠭᠤ 》 ᠢᠷᠠᠭᠤ ᠨᠠᠢᠷᠠᠭ ᠤᠨ ᠳᠡᠮᠡᠴᠡᠭᠡᠨ ᠵᠡᠷᠭᠡ ᠲᠤᠮᠤᠬᠠᠨ ᠤᠷᠤᠯᠳ᠋ᠤᠭᠠᠨ ᠲᠡᠮᠡᠴᠡᠭᠡᠨ ᠳ᠋ᠤ ᠰᠢᠭᠦᠭᠴᠢ ᠪᠠᠷ ᠤᠯᠠᠨᠳ᠋ᠠ  ᠤᠷᠤᠯᠴᠠᠪᠠ ᠃

 

 

ᠡᠮᠦᠨᠡᠬᠢ ᠵᠣᠬᠢᠶᠠᠯᠲᠠᠨ᠋ᠨ ᠪᠠᠭᠰᠢ
ᠳᠠᠷᠠᠭᠠᠬᠢ ᠵᠣᠬᠢᠶᠠᠯᠨᠠᠷᠠᠨᠴᠡᠴᠡᠭ ᠪᠠᠬᠰᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号