123456 0476-6223398
ᠨᠡᠷᠡᠲᠦ ᠪᠠᠭᠰᠢ ᠶᠢᠨ ᠲᠠᠪᠴᠠᠩ
ᠲᠡᠳ᠋ ᠵᠠᠬᠢᠷᠤᠯ  ᠭᠡᠷᠡᠯ ᠪᠠᠭᠰᠢ
2016.08.17 ᠲᠣᠰ ᠥᠷᠲᠡᠭᠡᠨ ᠦ ᠨᠠᠢᠷᠠᠭᠤᠯᠤᠭᠴᠢ

ᠭᠡᠷᠡᠯ ᠂ ᠡᠮᠡᠭ᠍ᠲᠡᠢ ᠂ ᠮᠤᠩᠭᠤᠯ ᠦᠨᠳ᠋ᠦᠰᠦᠲᠡᠨ ᠂ ᠡᠪ ᠬᠠᠮᠲᠦ ᠨᠠᠮ ᠤᠨ ᠭᠡᠰᠢᠭᠦᠨ ᠃ ᠤᠷᠤᠨ ᠦ ᠤᠨᠴᠠ ᠳᠡᠰ ᠤᠨ ᠪᠠᠭᠰᠢ ᠂ ᠤᠷᠤᠨ ᠦ ᠵᠢᠭᠠᠨ ᠰᠤᠷᠭᠠᠬᠤ ᠴᠢᠳ᠋ᠠᠪᠤᠷᠢᠲᠠᠨ ᠂ ᠬᠤᠲᠠ ᠶᠢᠨ ᠬᠢᠴᠢᠶᠡᠯ ᠲᠦ᠋ᠷᠦᠯ ᠤᠨ ᠳᠠᠭᠠᠭᠤᠯᠤᠭᠴᠢ ᠃ ᠬᠤᠰᠢᠭᠤᠨ ᠦ ᠠᠷᠪᠠᠨ ᠳᠦ᠋ᠷᠪᠡᠳ᠋ᠦᠭᠡᠷ ᠬᠤᠭᠤᠴᠠᠭᠠᠨ ᠦ ᠠᠷᠠᠳ ᠤᠨ ᠲᠦ᠋ᠯᠦᠭᠡᠯᠡᠭᠴᠢ ᠂ ᠶᠢᠰᠦᠳ᠋ᠦᠭᠡᠷ ᠬᠤᠭᠤᠴᠠᠭᠠᠨ ᠦ ᠤᠯᠤᠰ ᠲᠦ᠋ᠷᠦ ᠶᠢᠨ ᠵᠦ᠋ᠪᠯᠡᠯᠭᠡᠨ ᠦ ᠭᠡᠰᠢᠭᠦᠨ ᠃ 1964 ᠤᠨ ᠳ᠋ᠤ ᠤᠤᠯ ᠤᠨ ᠵᠤᠤ ᠤᠳ᠋ᠠ ᠠᠢᠮᠠᠭ ᠤᠨ ᠠᠷᠤ ᠬᠤᠷᠴᠢᠨ ᠬᠤᠰᠢᠭᠤᠨ ᠦ ᠪᠠᠯᠴᠢᠷᠤᠳ ᠭᠦᠩᠱᠸ ᠶᠢᠨ  ᠰᠸᠪᠡᠭ ᠂ ᠷᠢᠮᠡᠳᠮ᠎ᠠ ᠶᠢᠨ ᠭᠤᠷᠪᠠᠳ᠋ᠤᠭᠠᠷ ᠦᠬᠢᠨ ᠪᠤᠯᠤᠨ ᠵᠠᠶᠠᠭᠠᠵᠠᠢ ᠃ 1988 ᠤᠨ ᠦ 7 ᠰᠠᠷ᠎ᠠ ᠳ᠋ᠤ ᠦᠪᠦᠷ ᠮᠤᠩᠭᠤᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠶᠢᠨ ᠵᠢᠩᠬᠢᠨ᠋ᠢ ᠠᠩᠭᠢ ᠠ᠋ᠴᠠ ᠲᠡᠭᠦᠰᠴᠤ ᠂ ᠬᠡᠯᠡ ᠤᠳᠬ᠎ᠠ ᠵᠤᠬᠢᠶᠠᠯ ᠤᠨ ᠰᠤᠷᠤᠭᠰᠠᠳ ᠴᠤᠯᠠ ᠬᠠᠮᠠᠭᠠᠯᠠᠵᠠᠢ ᠃

1988 ᠤᠨ ᠦ 9 ᠰᠠᠷ᠎ᠠ ᠳ᠋ᠤ ᠳ᠋ᠠᠪᠠᠨ ᠦ ᠨᠢᠭᠡᠳ᠋ᠦᠭᠡᠷ ᠳᠤᠮᠳ᠋ᠠᠲᠦ ᠰᠤᠷᠭᠠᠭᠤᠯᠢ ᠳ᠋ᠤ ᠬᠤᠪᠢᠶᠠᠭᠳ᠋ᠠᠨ ᠠᠵᠢᠯ ᠤᠨ ᠭᠠᠷᠤᠭ᠎ᠠ ᠠᠪᠤᠭᠰᠠᠨ ᠠ᠋ᠴᠠ ᠨᠠᠭᠠᠰᠢ ᠤᠳ᠋ᠤ ᠪᠤᠯᠲᠠᠯ᠎ᠠ 28 ᠵᠢᠯ ᠲᠡᠭᠡᠳ᠋ᠤ ᠲᠤᠮᠳ᠋ᠠᠳ᠋ᠤ ᠶᠢᠨ ᠬᠡᠯᠡ ᠪᠢᠴᠢᠭ᠌ ᠤᠨ ᠬᠢᠴᠢᠶᠡᠯ ᠢ ᠡᠭᠦᠷᠭᠡᠯᠡᠨ ᠵᠢᠭᠠᠵᠤ ᠂ 11 ᠤᠳ᠋ᠠᠭ᠎ᠠ ᠳᠡᠭᠡᠲᠦ ᠭᠤᠷᠪᠠ ᠶᠢᠨ ᠠᠩᠬᠢ ᠳ᠋ᠦ ᠬᠢᠴᠢᠶᠡᠯᠯᠡᠨ ᠂ 4 ᠵᠢᠯ ᠠᠩᠬᠢ ᠶᠢᠨ ᠡᠷᠬᠢᠯᠡᠭᠴᠢ ᠂10 ᠵᠢᠯ ᠤᠨ ᠦ ᠲᠤᠭᠤᠢᠯᠠᠩ ᠤᠨ ᠲᠠᠷᠤᠭ᠎ᠠ ᠂ 4 ᠵᠢᠯ ᠵᠢᠭᠠᠬᠤ ᠶᠢ ᠰᠤᠳ᠋ᠤᠯᠬᠤ ᠲᠤᠭᠤᠢᠯᠠᠩ ᠤᠨ ᠲᠠᠷᠤᠭ᠎ᠠ ᠂ 11 ᠵᠢᠯ ᠬᠢᠴᠢᠶᠡᠯ ᠡᠷᠬᠢᠯᠡᠬᠦ ᠭᠠᠵᠠᠷ ᠤᠨ ᠲᠡᠳ᠋ ᠡᠷᠭᠢᠯᠡᠭᠴᠢ ᠂ 10 ᠵᠢᠯ ᠡᠮᠡᠭ᠍ᠲᠡᠢᠴᠤᠳ ᠤᠨ ᠬᠤᠯᠪᠤᠭ᠎ᠠ ᠶᠢᠨ ᠬᠠᠷᠢᠭᠤᠴᠠᠯᠭᠠᠲᠠᠨ ᠂ 1 ᠵᠢᠯ ᠵᠠᠬᠢᠷᠤᠯ ᠤᠨ ᠲᠤᠰᠠᠯᠠᠭᠴᠢ ᠶᠢᠨ ᠠᠵᠢᠯ ᠢ ᠬᠠᠷᠢᠭᠤᠴᠠᠵᠤ ᠂ 2012 ᠤᠨ ᠦ 12 ᠰᠠᠷ᠎ᠠ ᠠ᠋ᠴᠠ ᠡᠳ᠋ᠦᠭᠡ ᠪᠤᠯᠲᠠᠯ᠎ᠠ ᠵᠢᠭᠠᠨ ᠰᠤᠷᠭᠠᠯᠲᠠ ᠶᠢᠨ ᠠᠵᠢᠯ ᠢ ᠬᠤᠪᠢᠲᠠᠨ ᠬᠠᠷᠢᠭᠤᠴᠠᠭᠰᠠᠨ ᠲᠡᠳ᠋ ᠵᠠᠬᠢᠷᠤᠯ ᠤᠨ ᠲᠤᠰᠢᠶᠠᠯ ᠡᠭᠦᠷᠭᠡᠯᠡᠵᠦ ᠪᠠᠢᠨ᠎ᠠ ᠃

ᠵᠢᠭᠠᠬᠤ ᠲᠠᠢᠰᠠᠨ ᠳ᠋ᠦ ᠭᠠᠷᠤᠭᠰᠠᠨ ᠴᠠᠭ ᠠ᠋ᠴᠠ ᠠᠪᠤᠭᠠᠳ ᠨᠢᠭᠡᠨ ᠨᠡᠷ᠎ᠡ ᠨᠢᠳ᠋ᠡᠷ ᠲᠤ ᠪᠠᠨ ᠲᠡᠩᠴᠡᠭ᠍ᠰᠡᠨ ᠠᠷᠠᠳ ᠤᠨ ᠰᠠᠢᠨ ᠪᠠᠭᠰᠢ ᠪᠤᠯᠬᠤ ᠬᠦᠰᠡᠯ ᠳ᠋ᠦ ᠬᠦᠲᠦᠯᠦᠭ᠍ᠳ᠋ᠡᠨ ᠂ ᠰᠤᠷᠬᠤ ᠆ ᠰᠤᠷᠭᠠᠬᠤ ᠆ ᠰᠤᠳ᠋ᠤᠯᠬᠤ ᠭᠤᠷᠪᠠ ᠳ᠋ᠤ ᠰᠢᠮᠳ᠋ᠡᠵᠦ ᠂ ᠰᠤᠷᠤᠭᠴᠢᠳ ᠢ ᠬᠠᠢᠷ᠎ᠠ ᠪᠠᠷ ᠤᠶᠠᠷᠠᠭᠤᠯᠤᠨ ᠤᠬᠠᠭᠠᠨ ᠢᠶᠡᠷ ᠬᠦᠳ᠋ᠦᠯᠵᠤ ᠂ ᠬᠢᠴᠢᠶᠡᠯ ᠤᠨ ᠲᠠᠩᠬᠢᠮ ᠳ᠋ᠦ ᠰᠢᠮᠡᠲᠡᠢ ᠵᠢᠭᠠᠨ ᠴᠢᠨ᠋ᠠᠷᠯᠢᠭ ᠪᠤᠯᠪᠠᠰᠤᠷᠠᠭᠤᠯᠳ᠋ᠠᠭ ᠠ᠋ᠴᠠ ᠳᠡᠭᠡᠲᠦ ᠰᠢᠯᠭᠠᠯᠲᠠ ᠶᠢᠨ ᠬᠤᠪᠢ ᠶᠢ ᠢᠯᠡ ᠨᠡᠢᠲᠡᠯᠡᠳ᠋ᠡᠭ᠌ ᠪᠠᠢᠭᠰᠠᠨ ᠦᠶ᠎ᠡ ᠲᠡᠭ᠍ᠰᠢᠳᠬᠡᠯ ᠬᠤᠪᠢ ᠪᠠᠷ ᠢᠶᠡᠨ ᠬᠤᠲᠠ ᠳ᠋ᠤ ᠭᠤᠷᠪᠠ ᠤᠳ᠋ᠠᠭ᠎ᠠ ᠲᠡᠷᠢᠭᠦᠯᠡᠵᠦ ᠂ ᠲᠠᠪᠤ ᠤᠳ᠋ᠠᠭ᠎ᠠ ᠳᠡᠳ᠋ᠯᠡᠭ᠍ᠰᠡᠨ ᠰᠢᠯᠢᠳ᠋ᠡᠭ᠌ ᠪᠦᠲᠦᠮᠵᠢ ᠶᠢ ᠤᠯᠤᠭᠰᠠᠨ ᠪᠦᠭᠡᠳ ᠵᠢᠭᠠᠭᠰᠠᠨ ᠠᠩᠬᠢ ᠶᠢᠨ ᠰᠤᠷᠤᠭᠴᠢ ᠰᠢᠨ᠋ᠢᠨᠨ᠋ᠢᠭᠡᠨ ᠂ ᠰᠤᠷᠤᠭᠴᠢ ᠦᠢᠯᠡᠰ ᠮᠤᠩᠭᠤᠯ ᠢᠶᠡᠷ ᠰᠢᠯᠭᠠᠭᠤᠯᠤᠭᠰᠠᠨ ᠰᠤᠷᠤᠭᠴᠢ ᠶᠢᠨ ᠲᠤᠲᠤᠷ᠎ᠠ ᠬᠤᠲᠠ ᠳ᠋ᠦ ᠪᠠᠨ ᠮᠠᠩᠯᠠᠢᠯᠠᠵᠦ ᠂ ᠰᠤᠷᠤᠭᠴᠢ ᠰᠤᠶᠤᠯ 《 ᠢᠨᠵᠠᠨᠨ᠋ᠠᠰᠢ ᠬᠤᠨᠳ᠋ᠠᠭ᠎ᠠ 》 ᠶᠢᠨ ᠮᠦ᠋ᠷᠦᠢᠴᠡᠭᠡᠨ ᠳ᠋ᠦ ᠳᠡᠳ᠋ᠯᠡᠨ ᠂ ᠰᠤᠷᠤᠭᠴᠢ ᠨᠠᠨᠳ᠋ᠢᠨ ᠭᠤᠷᠪᠠᠳ᠋ᠤᠭᠠᠷ ᠤᠳ᠋ᠠᠭᠠᠨ ᠦ 《 ᠰᠢᠷᠭ᠎ᠠ 》 ᠤᠷᠠᠨ ᠵᠤᠬᠢᠶᠠᠯ ᠤᠨ ᠶᠡᠬᠡ ᠤᠷᠤᠯᠳ᠋ᠤᠭᠠᠨ ᠳ᠋ᠦ ᠨᠠᠢᠮᠠᠨ ᠰᠢᠷᠭ᠎ᠠ ᠶᠢᠨ ᠡᠵᠡᠨ ᠢᠶᠡᠷ ᠲᠤᠳ᠋ᠤᠷᠠᠵᠦ ᠂ ᠠᠵᠢᠯ ᠦᠢᠯᠡᠰ ᠤᠨ ᠠᠯᠲᠠᠨ ᠠᠶᠠᠭᠠᠨ ᠠ᠋ᠴᠠ ᠷᠡᠰᠢᠶᠠᠨ ᠬᠦᠷᠲᠡᠨ ᠂ 2006 ᠤᠨ ᠂ 2010 ᠤᠨ ᠳ᠋ᠤ 《 ᠨᠠᠢ᠍ᠮᠠᠨ ᠰᠢᠷᠭ᠎ᠠ 》 ᠤᠷᠠᠨ ᠵᠤᠬᠢᠶᠠᠯ ᠤᠨ ᠶᠡᠬᠡ ᠤᠷᠤᠯᠳ᠋ᠤᠭᠠᠨ ᠦ 《 ᠵᠤᠬᠢᠶᠠᠨ ᠪᠠᠢᠭᠤᠯᠤᠭᠰᠠᠨ ᠱᠠᠩᠨ᠋ᠠᠯ 》 ᠂ 《 ᠵᠢᠭᠠᠨ ᠵᠢᠯᠤᠭᠤᠳ᠋ᠤᠭᠰᠠᠨ ᠱᠠᠩᠨ᠋ᠠᠯ 》  ᠲᠤᠰᠴᠦ ᠂ 2014 ᠤᠨ ᠳ᠋ᠦ 《 ᠭᠤᠷᠪᠠᠳ᠋ᠤᠭᠠᠷ ᠲᠤᠭᠤᠷᠢᠭ ᠤᠨ ᠵᠤᠬᠢᠶᠠᠨ ᠪᠠᠢᠭᠤᠯᠬᠤ ᠺᠤᠮᠢᠰ ᠤᠨ ᠭᠡᠰᠢᠭᠦᠨ 》 ᠪᠤᠯᠵᠠᠢ ᠃

1998 ᠤᠨ ᠳ᠋ᠤ ᠡᠷᠬᠢᠯᠡᠭ᠍ᠰᠡᠨ ᠠᠩᠬᠢ ᠂ ᠬᠤᠲᠠ ᠶᠢᠨ ᠰᠤᠷᠭᠠᠨ ᠬᠦᠮᠦᠵᠢᠯ ᠤᠨ ᠵᠦ᠋ᠪᠯᠡᠯ ᠤᠨ 《 ᠲᠡᠷᠢᠭᠦᠨ ᠦ ᠠᠩᠬᠢ ᠨᠢᠭᠡᠴᠢ 》ᠵᠢᠨ ᠱᠠᠩᠨ᠋ᠠᠯ ᠬᠦᠷᠲᠡᠭ᠍ᠰᠡᠨ ᠠ᠋ᠴᠠ ᠨᠠᠭᠠᠰᠢ ᠬᠤᠰᠢᠭᠤ ᠨᠠᠮ ᠤᠨ ᠬᠤᠷᠢᠶ᠎ᠠ ᠪᠠ ᠵᠠᠰᠠᠭ ᠤᠨ ᠤᠷᠳ᠋ᠤᠨ ᠦ 《 ᠭᠤᠷᠪᠠᠳ᠋ᠤᠭᠠᠷ ᠳᠡᠰ ᠤᠨ ᠭᠠᠪᠢᠶ᠎ᠠ ᠲᠡᠮᠳ᠋ᠡᠭᠯᠡᠬᠦ 》 ᠱᠠᠩᠨ᠋ᠠᠯ ᠂ 《 ᠳᠡᠭᠡᠲᠦ ᠰᠢᠯᠭᠠᠯᠲᠠ ᠶᠢᠨ ᠰᠢᠯᠢᠳ᠋ᠡᠭ᠌ ᠬᠢᠷᠢ ᠪᠦᠲᠦᠮᠵᠢ 》ᠵᠢᠨ ᠱᠠᠩᠨ᠋ᠠᠯ ᠂ 《 ᠰᠢᠯᠢᠳ᠋ᠡᠭ᠌ ᠪᠠᠭᠰᠢ 》ᠵᠢᠨ ᠱᠠᠩᠨ᠋ᠠᠯ ᠂ 《 ᠰᠤᠷᠭᠠᠨ ᠬᠦᠮᠦᠵᠢᠯ ᠤᠨ ᠲᠡᠷᠢᠭᠦᠨ ᠦ ᠠᠵᠢᠯᠲᠠᠨ 》  ᠵᠡᠷᠭᠡ ᠱᠠᠩᠨ᠋ᠠᠯ ᠬᠦᠷᠲᠡᠭ᠍ᠰᠡᠨ ᠪᠦᠭᠡᠳ ᠬᠤᠲᠠ ᠶᠢᠨ ᠰᠤᠷᠭᠠᠨ ᠬᠦᠮᠦᠵᠢᠯ ᠤᠨ ᠵᠦ᠋ᠪᠯᠡᠯ ᠤᠨ 《 ᠬᠤᠶᠠᠳ᠋ᠤᠭᠠᠷ ᠳᠡᠰ ᠤᠨ ᠭᠠᠪᠢᠶ᠎ᠠ ᠲᠡᠮᠳ᠋ᠡᠭᠯᠡᠬᠦ 》 ᠱᠠᠩᠨ᠋ᠠᠯ ᠬᠦᠷᠲᠡᠵᠠᠢ ᠃ 2009 ᠤᠨ ᠳ᠋ᠦ ᠤᠷᠤᠨ ᠦ ᠰᠤᠷᠭᠠᠨ ᠬᠦᠮᠦᠵᠢᠯ ᠤᠨ ᠲᠢᠩᠬᠢᠮ ᠤᠨ 《 ᠰᠢᠯᠢᠳ᠋ᠡᠭ᠌ ᠪᠠᠭᠰᠢ 》 ᠂ 2012 ᠤᠨ ᠳ᠋ᠦ ᠤᠷᠤᠨ ᠦ ᠵᠠᠰᠠᠭ ᠤᠨ ᠤᠷᠳ᠋ᠤᠨ ᠦ 《 ᠤᠨᠴᠠ ᠳᠡᠰ ᠤᠨ ᠪᠠᠭᠰᠢ 》ᠵᠢᠨ ᠢᠷᠠᠭᠤ ᠠᠯᠳ᠋ᠠᠷ ᠢ ᠲᠤᠰ ᠲᠤᠰ ᠬᠦᠷᠲᠡᠭ᠍ᠰᠡᠨ ᠪᠠᠢᠨ᠎ᠠ ᠃ ᠰᠤᠷᠭᠠᠭᠤᠯᠢ ᠶᠢᠨ ᠢᠶᠡᠨ ᠡᠮᠡᠭ᠍ᠲᠡᠢᠴᠤᠳ ᠤᠨ ᠬᠤᠯᠪᠤᠭᠠᠨ ᠦ ᠠᠵᠢᠯ ᠢ ᠬᠠᠷᠢᠭᠤᠴᠠᠵᠦ ᠪᠠᠢᠬᠤ ᠦᠶ᠎ᠡ ᠳ᠋ᠦ ᠪᠠᠨ 2009 ᠤᠨ ᠪᠠ 2010 ᠤᠨ ᠳ᠋ᠦ ᠬᠤᠰᠢᠭᠤᠨ ᠦ 《 3 ᠂ 8 ᠶ᠋ᠢᠨ ᠤᠯᠠᠭᠠᠨ ᠲᠤᠭᠴᠢ 》 ᠂  ᠬᠤᠲᠠ ᠶᠢᠨ 《 ᠨᠠᠰᠤᠲᠠᠨ ᠢᠶᠡᠨ ᠬᠠᠷᠠᠭᠠᠯᠵᠠᠵᠦ ᠬᠡᠦᠬᠡᠳ ᠢᠶᠡᠨ ᠬᠦᠮᠦᠵᠢᠭᠦᠯᠦᠭ᠍ᠰᠡᠨ ᠰᠠᠢᠨ ᠭᠡᠷ ᠤᠨ ᠠᠬᠠᠮᠠᠳ 》  ᠵᠢᠠᠷ ᠲᠤᠳ᠋ᠤᠷᠠᠵᠠᠢ ᠃

2002 ᠤᠨ ᠂ 2009 ᠤᠨ ᠂ 2012 ᠤᠨ ᠳ᠋ᠦ ᠤᠷᠤᠨ ᠦ ᠶᠡᠬᠡ ᠳᠡᠭᠡᠲᠦ ᠰᠤᠷᠭᠠᠭᠤᠯᠢ ᠶᠢᠨ ᠰᠤᠷᠤᠭᠴᠢ ᠡᠯᠰᠡᠬᠦ ᠠᠯᠪᠠᠨ ᠭᠡᠷ ᠤᠨ ᠤᠷᠢᠯᠭ᠎ᠠ ᠪᠠᠷ ᠤᠯᠤᠰ ᠤᠨ ᠨᠢᠭᠡᠳ᠋ᠦᠯᠲᠡᠢ ᠰᠢᠯᠭᠠᠯᠲᠠ ᠶᠢᠨ ᠮᠤᠩᠭᠤᠯ ᠬᠡᠯᠡ ᠪᠢᠴᠢᠭ᠌ ᠤᠨ ᠰᠡᠳ᠋ᠦᠪ ᠭᠠᠷᠭᠠᠬᠤ ᠠᠵᠢᠯ ᠳ᠋ᠦ ᠭᠤᠷᠪᠠ ᠤᠳ᠋ᠠᠭ᠎ᠠ  ᠂ 2003 ᠤᠨ ᠪᠠ 2014 ᠤᠨ ᠳ᠋ᠦ ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠲᠢᠩᠬᠢᠮ ᠤᠨ ᠤᠷᠢᠯᠭ᠎ᠠ ᠪᠠᠷ 《 ᠮᠤᠩᠭᠤᠯ ᠦᠨᠳ᠋ᠦᠰᠦᠲᠡᠨ ᠦ ᠳᠡᠭᠡᠲᠦ ᠵᠡᠷᠭᠡ ᠶᠢᠨ ᠳᠤᠮᠳ᠋ᠠᠲᠦ ᠰᠤᠷᠭᠠᠭᠤᠯᠢ ᠶᠢᠨ ᠬᠡᠯᠡ ᠪᠢᠴᠢᠭ᠌ ᠤᠨ ᠬᠢᠴᠢᠶᠡᠯ ᠤᠨ ᠪᠠᠷᠢᠮᠵᠢᠶ᠎ᠠ 》ᠵᠢ ᠰᠤᠳ᠋ᠤᠯᠤᠨ ᠲᠤᠭᠲᠠᠭᠠᠬᠤ ᠬᠤᠷᠠᠯ ᠳ᠋ᠦ ᠬᠤᠶᠠᠷ ᠤᠳ᠋ᠠᠭ᠎ᠠ ᠂ 《 ᠪᠦᠬᠦ ᠤᠯᠤᠰ ᠤᠨ ᠮᠤᠩᠭᠤᠯ ᠰᠤᠷᠬᠤ ᠪᠢᠴᠢᠭ᠌ ᠬᠢᠨ᠋ᠠᠬᠤ ᠵᠦ᠋ᠪᠯᠠᠯ 》ᠤ᠋ᠨ  ᠤᠷᠢᠯᠭ᠎ᠠ ᠪᠠᠷ 14  ᠂ 15 ᠂ 19  ᠂ 25 ᠂ 76  ᠂ 87 ᠳ᠋ᠤᠭᠠᠷ ᠤᠳ᠋ᠠᠭᠠᠨ ᠦ ᠮᠤᠩᠭᠤᠯ ᠰᠤᠷᠬᠤ ᠪᠢᠴᠢᠭ᠌ ᠬᠢᠨ᠋ᠠᠬᠤ ᠬᠤᠷᠠᠯ ᠳ᠋ᠦ  ᠵᠢᠷᠭᠤᠭ᠎ᠠ ᠤᠳ᠋ᠠᠭ᠎ᠠ ᠲᠤᠰ ᠲᠤᠰ ᠤᠷᠤᠯᠴᠠᠨ ᠂ ᠲᠤᠬᠠᠢᠯᠠᠭᠰᠠᠨ ᠠᠵᠢᠯ ᠤᠨ ᠬᠢᠷᠢ ᠬᠡᠮ ᠢᠶᠡᠨ ᠳᠡᠭᠡᠭ᠍ᠰᠢᠯᠡᠭᠦᠯᠵᠦ ᠶᠠᠪᠤᠵᠠᠢ ᠃

2004 ᠤᠨ ᠳ᠋ᠦ ᠤᠷᠤᠨ ᠦ ᠭᠤᠤᠯᠯᠠᠭᠴᠢ ᠪᠠᠭᠰᠢ ᠪᠠ ᠬᠤᠲᠠ ᠶᠢᠨ ᠰᠤᠷᠭᠠᠨ ᠬᠦᠮᠦᠵᠢᠯ ᠤᠨ ᠰᠢᠨᠵᠢᠯᠡᠬᠦ ᠤᠬᠠᠭᠠᠨ ᠦ ᠰᠤᠳ᠋ᠤᠯᠭᠠᠨ ᠦ ᠭᠤᠤᠯᠯᠠᠭᠴᠢ ᠪᠠᠭᠰᠢ ᠃ 2006 ᠤᠨ ᠳ᠋ᠦ ᠤᠷᠤᠨ ᠦ ᠵᠢᠭᠠᠨ ᠰᠤᠷᠭᠠᠬᠤ ᠴᠢᠳ᠋ᠠᠪᠤᠷᠢᠲᠠᠨ ᠪᠠ ᠬᠤᠲᠠ ᠶᠢᠨ ᠬᠢᠴᠢᠶᠡᠯ ᠲᠦ᠋ᠷᠦᠯ ᠤᠨ ᠳᠠᠭᠠᠭᠤᠯᠤᠭᠴᠢ ᠶᠢᠨ ᠴᠤᠯᠠ ᠶᠢ ᠲᠤᠰ ᠲᠤᠰ ᠬᠦᠷᠲᠡᠭ᠍ᠰᠡᠨ ᠪᠠᠢᠨ᠎ᠠ ᠃

《 ᠦᠪᠦᠷ ᠮᠤᠩᠭᠤᠯ ᠤᠨ ᠰᠤᠷᠭᠠᠨ ᠬᠦᠮᠦᠵᠢᠯ 》 ᠰᠡᠳᠭᠦᠯ ᠪᠠ 《 ᠲᠤᠷᠭᠠᠨ ᠵᠢᠯᠤᠭᠤ 》 ᠰᠡᠳᠬᠦᠯ ᠳ᠋ᠦ ᠡᠳ᠋ᠦᠢ ᠲᠡᠳ᠋ᠦᠢ ᠵᠢᠭᠠᠨ ᠰᠤᠷᠭᠠᠯᠲᠠ ᠶᠢᠨ ᠦᠭᠦᠯᠡᠯ ᠨᠡᠢᠲᠡᠯᠡᠭᠦᠯᠦᠭ᠍ᠰᠡᠨ ᠪᠦᠭᠡᠳ ᠰᠤᠷᠬᠤ ᠪᠢᠴᠢᠭ᠌ ᠳᠠᠭᠠᠭᠰᠠᠨ 《 ᠠᠯᠲᠠᠨ ᠤᠨ᠋ᠠᠭ᠎ᠠ 》 ᠪᠤᠯᠪᠠᠰᠤᠷᠠᠯ ᠤᠨ ᠦᠷᠦᠭᠡ ᠨᠠᠢᠷᠠᠭᠤᠯᠬᠤ ᠠᠵᠢᠯ ᠳ᠋ᠦ ᠤᠷᠤᠯᠴᠠᠵᠠᠢ ᠃

ᠰᠤᠷᠭᠠᠭᠤᠯᠢ ᠪᠠᠢᠭᠤᠯᠤᠭᠳ᠋ᠠᠭᠰᠠᠨ ᠲᠠᠪᠢᠨ ᠵᠢᠯ ᠤᠨ ᠤᠢ ᠶᠢᠨ ᠪᠠᠶᠠᠷ ᠲᠦ ᠵᠤᠷᠢᠭᠤᠯᠤᠭᠰᠠᠨ 《 ᠳ᠋ᠠᠪᠠᠨ ᠦ ᠨᠢᠭᠡᠳ᠋ᠦᠭᠡᠷ ᠰᠤᠷᠭᠠᠭᠤᠯᠢ ᠶᠢᠨ ᠤᠢᠯᠠᠯᠭ᠎ᠠ 》ᠵᠢ ᠭᠤᠤᠯᠯᠠᠨ ᠨᠠᠢᠷᠠᠭᠤᠯᠤᠭᠰᠠᠨ ᠪᠦᠭᠡᠳ 《 ᠭ᠍ᠷᠢᠨ ᠦ ᠬᠡᠦᠬᠡᠳ ᠤᠨ ᠲᠤᠮᠤᠭ ᠤᠨ ᠪᠦᠷᠢᠨ ᠪᠤᠳ᠋ᠢ 》᠂ 《 ᠭᠠᠷ ᠦᠭᠡᠢ ᠬᠡᠦᠬᠡᠨ 》 ᠂ 《 ᠴᠠᠰᠤ ᠴᠠᠭᠠᠨ ᠭᠦᠩᠵᠦ 》 ᠂ 《 ᠰᠡᠷᠭᠦᠯᠡᠩ ᠪᠢᠴᠢᠬᠠᠨ ᠤᠶᠤᠳ᠋ᠠᠯᠴᠢᠨ 》 ᠂ 《 ᠤᠯᠠᠭᠠᠨ ᠮᠠᠯᠠᠭᠠᠢᠲᠦ 》 ᠭᠡᠬᠦ ᠳᠦ᠋ᠷᠪᠡᠨ ᠨᠤᠮ ᠂ 《 ᠯᠸᠢ ᠹᠸᠩ᠍ ᠦᠨ  ᠦᠯᠢᠭᠡᠷ 》 ᠂ 《 ᠯᠸᠢ ᠹᠸᠩ᠍  ᠦᠨ ᠡᠳ᠋ᠦᠷ ᠤᠨ ᠲᠡᠮᠳ᠋ᠡᠭᠯᠡᠯ 》 ᠂ 《 ᠭᠠᠵᠠᠷ ᠬᠦᠳ᠋ᠡᠯᠦᠯᠲᠡ ᠶᠢᠨ ᠭᠠᠮᠰᠢᠭ ᠲᠡᠢ ᠲᠡᠮᠡᠴᠡᠭ᠍ᠰᠡᠨ ᠪᠠᠭᠠᠲᠤᠷ ᠪᠠᠭᠠᠴᠤᠳ 》 ᠵᠡᠷᠭᠡ 7 ᠨᠤᠮ ᠢ ᠪᠤᠰᠤᠳ ᠲᠡᠢ ᠬᠠᠮᠲᠤᠷᠠᠨ ᠮᠤᠩᠭᠤᠯᠴᠢᠯᠠᠵᠠᠢ ᠃

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号