123456 0476-6223398
ᠨᠡᠷᠡᠲᠦ ᠪᠠᠭᠰᠢ ᠶᠢᠨ ᠲᠠᠪᠴᠠᠩ
ᠳᠡᠳ᠋ ᠵᠠᠬᠢᠷᠥᠯ  ᠬᠦᠬᠡᠮᠦ᠋ᠷᠡᠨ ᠪᠠᠭᠰᠢ
2016.08.17 ᠲᠣᠰ ᠥᠷᠲᠡᠭᠡᠨ ᠦ ᠨᠠᠢᠷᠠᠭᠤᠯᠤᠭᠴᠢ

ᠬᠦᠬᠡᠮᠦ᠋ᠷᠡᠨ ᠂ ᠡᠷᠡᠭᠳ᠋ᠡᠢ ᠂ ᠮᠣᠩᠭᠣᠯ ᠦᠨᠳ᠋ᠦᠰᠦᠲᠡᠨ ᠂ ᠡᠪ ᠬᠠᠮᠲᠣ ᠨᠠᠮ  ᠦᠨ ᠭᠡᠰᠢᠭᠦᠨ ᠂ ᠳᠣᠮᠳ᠋ᠠᠳ᠋ᠣ ᠰᠣᠷᠭᠠᠭᠣᠯᠢ  ᠶᠢᠨ ᠳᠡᠭᠡᠳ᠋ᠣ ᠳᠡᠰ  ᠦᠨ ᠪᠠᠭᠰᠢ ᠂ ᠬᠣᠲᠠ ᠲᠡᠰ  ᠦᠨ ᠭᠠᠷᠮᠠᠭᠠᠢ ᠵᠢᠭᠠᠨ ᠰᠤᠷᠭᠠᠬᠤ ᠴᠢᠳ᠋ᠠᠪᠣᠷᠢᠲᠠᠨ ᠃ 1970 ᠤᠨ ᠳ᠋ᠤ ᠪᠠᠭᠠᠷᠢᠨ ᠪᠠᠷᠠᠭᠣᠨ ᠬᠣᠰᠢᠭᠣᠨ  ᠤ ᠴᠠᠭᠠᠨᠮᠥ᠌ᠷᠡᠨ ᠰᠤᠮᠤ ᠶᠢᠨ ᠰᠢᠪᠠᠷᠲᠠᠢ ᠭᠠᠴᠠᠭᠠᠨ  ᠤ ᠭᠡᠭᠡᠡᠡᠣᠪᠣᠭ᠎ᠠ ᠳ᠋ᠥ ᠠᠷᠠᠳ  ᠦᠨ ᠪᠠᠭᠰᠢ ᠲᠦᠮᠡᠨᠵᠢᠷᠭᠠᠯ ᠪᠣᠯᠣᠨ ᠮᠠᠨᠰᠢ  ᠶᠢᠨ ᠭᠣᠷᠪᠠᠳ᠋ᠣᠭᠠᠷ ᠬᠦᠪᠡᠭᠦᠨ ᠨᠢ ᠪᠣᠯᠵᠤ ᠵᠠᠶᠠᠭᠠᠵᠠᠢ ᠃ 1992 ᠤᠨ  ᠤ 7 ᠰᠠᠷ᠎ᠠ ᠳ᠋ᠤ ᠦᠪᠦᠷ ᠮᠣᠩᠭᠣᠯ  ᠦᠨ ᠦᠨᠳ᠋ᠦᠰᠦᠲᠡᠨ  ᠦ ᠪᠠᠭᠰᠢ  ᠶᠢᠨ ᠳᠡᠭᠡᠳ᠋ᠦ ᠰᠣᠷᠭᠠᠭᠣᠯᠢ  ᠶᠢᠨ ᠵᠢᠩᠭᠢᠨᠢ ᠠᠩᠭᠢ ᠡᠴᠠ ᠰᠣᠷᠣᠯᠭ᠎ᠠ ᠲᠡᠭᠦᠰᠦᠨ ᠳ᠋ᠠᠪᠠᠨ  ᠤ ᠨᠢᠭᠡᠳ᠋ᠦᠭᠡᠷ ᠳᠣᠮᠳ᠋ᠠᠳ᠋ᠣ ᠰᠣᠷᠭᠠᠭᠣᠯᠢ ᠳ᠋ᠦ ᠪᠠᠭᠰᠢ ᠪᠡᠷ ᠠᠵᠢᠯᠯᠠᠵᠣ ᠂ ᠡᠳ᠋ᠦᠭᠡ ᠳᠡᠳ᠋ ᠵᠠᠬᠢᠷᠥᠯ  ᠦᠨ ᠲᠣᠰᠢᠶᠠᠯ ᠳ᠋ᠦ ᠪᠠᠶᠢᠨ᠎ᠠ ᠃

ᠪᠠᠭᠰᠢᠯᠠᠭᠰᠠᠨ ᠡᠴᠠ ᠨᠠᠭᠠᠰᠢᠬᠢ 24 ᠵᠢᠯ  ᠦᠨ ᠲᠣᠷᠰᠢ ᠬᠦᠮᠦᠵᠢᠭᠦᠯᠵᠦ ᠰᠣᠷᠭᠠᠬᠣ ᠠᠵᠢᠯ ᠳ᠋ᠥ ᠡᠭᠡᠯᠢᠰᠢᠵᠣ ᠂ ᠳᠣᠮᠳ᠋ᠠᠳ᠋ᠣ ᠰᠣᠷᠭᠠᠭᠣᠯᠢ ᠳ᠋ᠥ ᠹᠢᠽᠢᠺ ᠦᠨ ᠬᠢᠴᠢᠶᠡᠯ ᠵᠢᠭᠠᠬᠤ  ᠶᠢᠨ ᠬᠠᠮᠲᠤ ᠂ 19 ᠵᠢᠯ ᠠᠩᠭᠢ ᠡᠷᠬᠢᠯᠡᠨ 7 ᠤᠳ᠋ᠠᠭ᠎ᠠ ᠠᠩᠭᠢ ᠲᠡᠭᠦᠰᠬᠡᠵᠦ ᠂ 2 ᠵᠢᠯ ᠰᠣᠷᠭᠠᠭᠣᠯᠢ  ᠶᠢᠨ ᠡᠪᠯᠡᠯ  ᠦᠨ ᠬᠣᠷᠢᠶ᠎ᠠ  ᠶᠢᠨ ᠱᠦᠵᠢ ᠂ 7 ᠵᠢᠯ ᠮᠣᠷᠠᠯ  ᠦᠨ ᠬᠦᠮᠦᠵᠢᠯ  ᠦᠨ ᠭᠠᠵᠠᠷ  ᠦᠨ ᠳᠡᠳ᠋ ᠡᠷᠬᠢᠯᠡᠭᠴᠢ ᠂ 4 ᠵᠢᠯ ᠬᠢᠴᠢᠶᠡᠯ ᠬᠦᠮᠦᠵᠢᠯ  ᠦᠨ ᠭᠠᠵᠠᠷ  ᠦᠨ ᠡᠷᠬᠢᠯᠡᠭᠴᠢ  ᠶᠢᠨ ᠲᠣᠰᠢᠶᠠᠯ ᠡᠭᠦᠷᠭᠡᠯᠡᠵᠣ ᠂ 16 ᠵᠢᠯ ᠤᠨ  ᠤ ᠬᠡᠯᠲᠡᠰ  ᠦᠨ ᠳᠠᠷᠣᠭ᠎ᠠ  ᠶᠢᠨ ᠠᠵᠢᠯ ‍ᠢ ᠬᠠᠪᠰᠣᠷᠭᠠᠨ ᠬᠠᠷᠢᠭᠣᠴᠠᠪᠠ ᠃ ᠬᠠᠮᠲᠤ ᠠᠵᠢᠯᠯᠠᠭᠴᠢ ᠨᠠᠷ ᠲᠠᠢ ᠪᠠᠨ ᠦᠵᠡᠯ ᠪᠣᠳ᠋ᠣᠯ  ᠢᠶᠠᠷ ᠢᠶᠠᠨ ᠨᠢᠭᠡᠲᠣᠨ ᠂ ᠬᠡᠣᠬᠡᠳ ᠵᠠᠯᠠᠭᠣᠴᠣᠳ ᠲᠦ ᠭᠡᠰᠡᠨ ᠨᠢᠭᠡ ᠵᠣᠷᠢᠯᠭ᠎ᠠ  ᠶᠢᠨ ᠤᠶᠣᠨ ᠬᠦᠳ᠋ᠡᠯᠮᠣᠷᠢ  ᠶᠢᠨ ᠭᠠᠶᠢᠬᠠᠮᠰᠢᠭ  ᠢᠶᠠᠷ ᠲᠡᠭᠦᠰᠬᠡᠭᠰᠡᠨ ᠠᠩᠭᠢ ᠨᠢᠭᠡᠴᠢ ᠂ ᠤᠨ ᠪᠦᠯᠦᠭ  ᠦᠨ ᠰᠢᠯᠢᠳ᠋ᠡᠭ ᠪᠦᠲᠦᠮᠵᠢ ᠨᠢ ᠰᠣᠷᠭᠠᠭᠣᠯᠢ  ᠶᠢᠨ ᠲᠡᠮᠳ᠋ᠡᠭᠯᠡᠯ ‍ᠢ ᠰᠢᠨᠡᠳᠬᠡᠭᠰᠡᠭᠡᠷ ᠢᠷᠡᠪᠡ ᠃

ᠲᠡᠷᠡ ᠪᠠᠷ ᠪᠠᠰᠠ 45 ᠳ᠋ᠣᠭᠠᠷ ᠤᠳ᠋ᠠᠭᠠᠨ  ᠤ ᠪᠦᠬᠦ ᠤᠯᠣᠰ  ᠦᠨ ᠮᠣᠩᠭᠣᠯ ᠰᠣᠷᠬᠣ ᠪᠢᠴᠢᠭ᠌ ᠬᠢᠨᠠᠬᠣ ᠠᠵᠢᠯ ᠳ᠋ᠤ ᠲᠣᠰᠬᠠᠢ ᠮᠡᠷᠭᠡᠵᠢᠯᠲᠡᠨ  ᠢᠶᠠᠷ ᠤᠷᠢᠭᠳ᠋ᠠᠵᠣ ᠂ ᠳᠣᠮᠳ᠋ᠠᠳ᠋ᠣ ᠰᠣᠷᠭᠠᠭᠣᠯᠢ  ᠶᠢᠨ ᠮᠣᠩᠭᠣᠯ ᠰᠣᠷᠬᠣ ᠪᠢᠴᠢᠭ᠌  ᠢ( ᠳᠡᠭᠡᠳ᠋ᠦ ᠳᠣᠮᠳ᠋ᠠᠳ᠋ᠣ  ᠶᠢᠨ ᠹᠢᠽᠢᠺ 3—1 )ᠬᠢᠨᠠᠭᠰᠠᠨ ᠪᠠ ᠯᠢᠶᠣᠤᠨᠢᠩ  ᠦᠨ ᠦᠨᠳ᠋ᠦᠰᠦᠲᠡᠨ  ᠤ ᠬᠡᠪᠯᠡᠯ  ᠦᠨ ᠬᠣᠷᠢᠶ᠎ᠠ ᠡᠴᠠ ᠬᠡᠪᠯᠡᠭᠦᠯᠦᠭᠰᠡᠨ 《 ᠰᠡᠩᠭᠡᠷᠡᠭᠦᠯᠦᠯ  ᠦᠨ ᠵᠢᠯᠣᠭᠣ 》 (2005.9) ᠂ 《 ᠶᠡᠬᠡ ᠰᠣᠷᠭᠠᠭᠣᠯᠢ ᠳ᠋ᠤ ᠰᠢᠯᠭᠠᠭᠣᠯᠬᠣ ᠶᠡᠷᠦᠩᠭᠡᠢ ᠳᠠᠪᠲᠠᠯᠭ᠎ᠠ  ᠶᠢᠨ ᠤᠩᠰᠢᠭᠣ 》(2013.1) ᠂ ᠦᠪᠦᠷ ᠮᠣᠩᠭᠣᠯ  ᠦᠨ ᠠᠷᠠᠳ  ᠦᠨ ᠬᠡᠪᠯᠡᠯ  ᠦᠨ ᠬᠣᠷᠢᠶ᠎ᠠ ᠡᠴᠡ ᠬᠡᠪᠯᠡᠭᠦᠯᠦᠭᠰᠡᠨ 《 ᠦᠪᠡᠷᠲᠡᠭᠡᠨ ᠡᠵᠡᠮᠰᠢᠨ ᠰᠣᠷᠣᠯᠴᠠᠬᠤ — ᠹᠢᠽᠢᠺ 》 (2005.2) ᠵᠡᠷᠭᠡ ᠴᠣᠪᠣᠷᠠᠯ ᠨᠣᠮ  ᠦᠨ ᠨᠠᠶᠢᠷᠠᠭᠣᠯᠬᠣ ᠠᠵᠢᠯ ᠳ᠋ᠤ ᠤᠷᠣᠯᠴᠠᠪᠠ ᠃

ᠦᠢᠯᠡᠰᠴᠢ ᠰᠡᠳᠬᠢᠯ ᠂ ᠵᠢᠳᠬᠦᠯ ᠴᠢᠷᠮᠠᠶᠢᠯᠭ᠎ᠠ  ᠶᠢᠨ ᠠᠴᠢ ᠳ᠋ᠥ 2009 ᠤᠨ  ᠤ 4 ᠰᠠᠷ᠎ᠠ ᠳ᠋ᠤ ᠤᠯᠠᠭᠠᠨᠬᠠᠳ᠋ᠠ ᠬᠣᠲᠠ  ᠶᠢᠨ ᠬᠦᠳ᠋ᠡᠯᠮᠦᠷᠢ  ᠶᠢᠨ ᠵᠢᠱᠢᠶᠡᠴᠢ ᠪᠡᠷ ᠴᠣᠯᠠᠯᠠᠭᠳ᠋ᠠᠵᠣ ᠂ 2011 ᠤᠨ  ᠤ 9 ᠰᠠᠷ᠎ᠠ ᠳ᠋ᠤ ᠦᠪᠦᠷ ᠮᠣᠩᠭᠣᠯ  ᠦᠨ ᠦᠪᠡᠷᠲᠡᠭᠡᠨ ᠵᠠᠰᠠᠬᠣ ᠤᠷᠣᠨ  ᠤ ᠦᠨᠳ᠋ᠦᠰᠦᠲᠡᠨ  ᠤ ᠳᠣᠮᠳ᠋ᠠᠳ᠋ᠣ ᠪᠠᠭ᠎ᠠ ᠰᠣᠷᠭᠠᠭᠣᠯᠢ  ᠶᠢᠨ ᠰᠢᠯᠢᠳ᠋ᠡᠭ ᠪᠠᠭᠰᠢ ᠪᠠᠷ ᠬᠦᠬᠢᠭᠦᠯᠦᠭᠳ᠋ᠡᠵᠦ ᠂ 2014 ᠤᠨ  ᠤ 9 ᠰᠠᠷ᠎ᠠ ᠳ᠋ᠥ ᠪᠠᠭᠠᠷᠢᠨ ᠪᠠᠷᠠᠭᠣᠨ ᠬᠣᠰᠢᠭᠣᠨ  ᠤ ᠰᠢᠯᠢᠳ᠋ᠡᠭ ᠵᠠᠬᠢᠷᠣᠯ ᠢᠶᠠᠷ ᠦᠨᠡᠯᠡᠭᠳ᠋ᠡᠪᠡ ᠃

 

ᠡᠮᠦᠨᠡᠬᠢ ᠵᠣᠬᠢᠶᠠᠯᠲᠡᠳ᠋ ᠵᠠᠬᠢᠷᠤᠯ  ᠭᠡᠷᠡᠯ ᠪᠠᠭᠰᠢ
ᠳᠠᠷᠠᠭᠠᠬᠢ ᠵᠣᠬᠢᠶᠠᠯᠵᠠᠬᠢᠷᠤᠯ ᠰᠧᠧᠠᠩ ᠪᠠᠭᠰᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号