123456 0476-6223398
ᠵᠢᠭᠠᠨ ᠰᠤᠷᠭᠠᠯᠲᠠ ᠬᠢᠴᠢᠶᠡᠯ ᠬᠦᠮᠦᠵᠢᠯ
ᠵᠢᠭᠠᠬᠤ  ᠶᠢ ᠰᠣᠳ᠋ᠣᠯᠬᠣ ᠦᠬᠡᠷᠡᠴᠢᠯᠡᠬᠦ ᠭᠠᠵᠠᠷ  ᠤᠨ ᠠᠵᠢᠯ  ᠤᠨ ᠳ᠋ᠦ᠋ᠩᠨ᠋ᠡᠯᠳ᠋ᠡ
2016.08.18 ᠲᠣᠰ ᠥᠷᠲᠡᠭᠡᠨ ᠦ ᠨᠠᠢᠷᠠᠭᠤᠯᠤᠭᠴᠢ

 2015—2016 ᠰᠤᠷᠬᠤ ᠣᠨ ᠦ ᠲᠡᠭᠡᠳ᠋ᠦ ᠰᠣᠷᠣᠯᠭ᠎ᠠ ᠶᠢᠨ ᠬᠤᠭᠤᠴᠠᠭᠠᠨ  ᠤ

  ᠵᠢᠭᠠᠬᠤ  ᠶᠢ  ᠰᠣᠳ᠋ᠣᠯᠬᠣ  ᠦᠬᠡᠷᠡᠴᠢᠯᠡᠬᠦ  ᠭᠠᠵᠠᠷ  ᠤᠨ  ᠠᠵᠢᠯ  ᠤᠨ  ᠳ᠋ᠦ᠋ᠩᠨ᠋ᠡᠯᠳ᠋ᠡ

 

 ᠵᠢᠭᠠᠬᠤ ᠶᠢ ᠰᠣᠳ᠋ᠣᠯᠬᠣ ᠦᠬᠡᠷᠡᠴᠢᠯᠡᠬᠦ ᠭᠠᠵᠠᠷ ᠨᠢ ᠰᠣᠷᠭᠠᠭᠤᠯᠢ ᠶᠢᠨ ᠵᠢᠭᠠᠨ ᠰᠤᠷᠭᠠᠬᠤ ᠠᠵᠢᠯ ᠤᠨ ᠶᠡᠷᠦᠩᠬᠡᠢ ᠲᠦ᠋ᠰᠦᠪ ᠪᠠ ᠰᠡᠳᠬᠢᠮᠵᠢ ᠪᠡᠷ ᠵᠢᠯᠤᠭᠤᠳ᠋ᠤᠯᠭ᠎ᠠ ᠪᠤᠯᠭᠠᠨ ᠪᠠᠭᠰᠢ ᠶᠢᠨ ᠡᠩᠨ᠋ᠡᠬᠡᠨ ᠦ ᠪᠦᠳ᠋ᠦᠬᠡᠨ ᠪᠠᠢᠭᠤᠯᠤᠯᠳ᠋ᠠ ᠶᠢ ᠴᠢᠩᠭᠠᠳᠬᠠᠵᠤ ᠂ ᠪᠠᠭᠰᠢ ᠶᠢᠨ ᠲᠤᠬᠠᠢᠯᠠᠭᠰᠠᠨ ᠠᠵᠢᠯ ᠤᠨ ᠬᠢᠷᠢ ᠲᠦ᠋ᠪᠰᠢᠨ ᠢ ᠦᠷᠬᠦᠯᠵᠢᠯᠡᠨ ᠲᠡᠬᠡᠭᠰᠢᠯᠡᠬᠦᠯᠵᠥ ᠂ ᠬᠢᠴᠢᠶᠡᠯ ᠦᠨ ᠲᠠᠩᠬᠢᠮ ᠤᠨ ᠵᠢᠭᠠᠨ ᠰᠤᠷᠭᠠᠯᠳ᠋ᠠ ᠶᠢᠨ ᠦᠬᠡᠷᠡᠴᠢᠯᠡᠯᠳ᠋ᠡ ᠶᠢ ᠬᠦᠨᠵᠡᠬᠡᠢᠷᠡᠬᠦᠯᠦᠨ ᠵᠢᠭᠠᠨ ᠰᠤᠷᠭᠠᠬᠤ ᠦᠷ᠎ᠡ ᠠᠰᠢᠭ ᠢ ᠲᠡᠬᠡᠭᠰᠢᠯᠡᠬᠦᠯᠬᠦ ᠪᠠᠷ ᠬᠠᠷᠠᠯᠳ᠋ᠠ ᠪᠤᠯᠭᠠᠨ ᠂ ᠲᠦ᠋ᠷᠢᠮᠵᠢᠭᠰᠡᠨ ᠬᠠᠮᠢᠶᠠᠷᠤᠯᠳ᠋ᠠ ᠪᠠ ᠰᠢᠨᠵᠢᠯᠡᠬᠦ ᠤᠬᠠᠭᠠᠨᠴᠢ ᠬᠦᠭᠵᠢᠯᠳ᠋ᠡ ᠶᠢ ᠵᠡᠷᠬᠡᠪᠡᠷ ᠴᠢᠬᠤᠯᠠᠴᠢᠯᠠᠨ《 ᠬᠦᠨᠵᠡᠬᠡᠢ ᠰᠤᠳ᠋ᠤᠯᠤᠨ ᠨᠠᠷᠢᠯᠢᠭ ᠬᠠᠮᠢᠶᠠᠷᠴᠦ ᠂ ᠦᠷ᠎ᠡ ᠠᠰᠢᠭ ᠢ ᠴᠢᠬᠤᠯᠠᠴᠢᠯᠠᠨ ᠰᠢᠨᠵᠢᠯᠡᠬᠦ ᠤᠬᠠᠭᠠᠨᠴᠢ ᠪᠠᠷ ᠦᠨ᠋ᠡᠯᠡᠬᠦ  》 ᠵᠠᠷᠴᠢᠮ ᠢ ᠪᠠᠷᠢᠮᠳ᠋ᠠᠯᠠᠨ ᠂  《 ᠰᠣᠳ᠋ᠤᠯᠬᠤ ᠂ ᠵᠢᠭᠠᠨ ᠵᠢᠯᠤᠭᠤᠳᠬᠤ᠂ ᠬᠠᠮᠢᠶᠠᠷᠬᠤ ᠂ ᠦᠢᠯᠡᠴᠢᠯᠡᠬᠦ 》ᠲᠤᠭᠳ᠋ᠠᠴᠠ ᠶᠢ ᠪᠠᠢᠭᠤᠯᠤᠨ ᠂ ᠰᠢᠨ᠎ᠡ ᠬᠢᠴᠢᠶᠡᠯ ᠦᠨ ᠦᠬᠡᠷᠡᠴᠢᠯᠡᠯᠳ᠋ᠡ ᠶᠢ ᠬᠦᠨᠵᠡᠬᠡᠢᠷᠡᠬᠦᠯᠦᠨ ᠂  ᠵᠢᠭᠠᠨ ᠰᠤᠷᠭᠠᠬᠤ ᠪᠠ ᠰᠤᠷᠭᠠᠨ  ᠬᠦᠮᠦᠵᠢᠬᠦᠯᠬᠦ ᠠᠵᠢᠯ ᠤᠨ  ᠴᠢᠨ᠋ᠠᠷ ᠴᠢᠨᠰᠠᠭ᠎ᠠ ᠶᠢ  ᠲᠡᠬᠡᠭᠰᠢᠯᠡᠬᠦᠯᠬᠦ ᠳ᠋ᠦ ᠦᠢᠯᠡᠴᠢᠯᠡᠨ ᠂ ᠵᠢᠭᠠᠨ ᠰᠤᠷᠭᠠᠬᠤ ᠰᠤᠳ᠋ᠤᠯᠭᠠᠨ ᠬᠢᠭᠡᠳ ᠬᠢᠴᠢᠶᠡᠯ ᠦᠨ  ᠲᠠᠩᠬᠢᠮ ᠤᠨ  ᠵᠢᠭᠠᠨ ᠰᠤᠷᠭᠠᠯᠳ᠋ᠠ ᠶᠢᠨ  ᠦᠬᠡᠷᠡᠴᠢᠯᠡᠯᠳ᠋ᠡ ᠳ᠋ᠦ ᠲᠦ᠋ᠯᠬᠢᠴᠡ ᠦᠢᠯᠡᠳ᠋ᠦᠯ ᠭᠠᠷᠭᠠᠵᠤ ᠴᠢᠳ᠋ᠠᠪᠠ ᠃

ᠵᠢᠭᠠᠬᠤ ᠶᠢ ᠰᠤᠳ᠋ᠤᠯᠬᠤ ᠦᠬᠡᠷᠡᠴᠢᠯᠡᠬᠦ ᠭᠠᠵᠠᠷ ᠨᠢ 《 ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠴᠡᠴᠡᠷᠯᠢᠭᠴᠢ ᠶᠢᠨ ᠢᠨᠵᠢᠨ᠋ᠸᠷᠢᠭ᠌ ᠦᠨ ᠬᠡᠷᠡᠭᠵᠢᠬᠦᠯᠬᠦ ᠲᠦ᠋ᠰᠦᠪ  》 ᠂  《 ᠳ᠋ᠠᠪᠠᠨ ᠦ ᠨᠢᠭᠡᠳ᠋ᠦᠬᠡᠷ ᠲᠤᠮᠳ᠋ᠠᠳ᠋ᠤ ᠰᠤᠷᠭᠠᠭᠤᠯᠢ ᠶᠢᠨ 2011᠆ 2015 ᠲᠠᠪᠤᠨ ᠵᠢᠯ ᠦᠨ ᠬᠦᠭᠵᠢᠯᠳ᠋ᠡ ᠶᠢᠨ ᠲᠦ᠋ᠰᠦᠪ 》 ᠵᠢᠴᠢ 《 ᠳ᠋ᠠᠪᠠᠨ ᠦ ᠨᠢᠭᠡᠳ᠋ᠦᠬᠡᠷ ᠲᠤᠮᠳ᠋ᠠᠳ᠋ᠤ ᠰᠤᠷᠭᠠᠭᠤᠯᠢ ᠶᠢᠨ ᠬᠢᠴᠢᠶᠡᠯ ᠦᠨ ᠲᠠᠩᠬᠢᠮ ᠤᠨ ᠵᠢᠭᠠᠨ ᠰᠤᠷᠭᠠᠯᠳ᠋ᠠ ᠶᠢᠨ ᠦᠬᠡᠷᠡᠴᠢᠯᠡᠯᠳ᠋ᠡ ᠶᠢᠨ ᠲᠦ᠋ᠰᠦᠪ 》 ᠂ 《 ᠳ᠋ᠠᠪᠠᠨ ᠦ ᠨᠢᠭᠡᠳ᠋ᠦᠬᠡᠷ ᠲᠤᠮᠳ᠋ᠠᠳ᠋ᠤ ᠰᠤᠷᠭᠠᠭᠤᠯᠢ ᠶᠢᠨ ᠪᠠᠭᠰᠢ ᠶᠢ ᠲᠠᠪᠳ᠋ᠠᠨ ᠪᠤᠯᠪᠠᠰᠤᠷᠠᠭᠤᠯᠬᠤ ᠲᠦ᠋ᠰᠦᠪ 》 ᠵᠡᠷᠬᠡ ᠪᠢᠴᠢᠭ᠌ ᠮᠠᠲ᠋ᠸᠷᠢᠶᠠᠯ ᠤᠨ ᠵᠣᠷᠢᠭ ᠰᠠᠨ᠋ᠠᠭ᠎ᠠ ᠪᠠᠷ ᠵᠢᠭᠠᠨ ᠰᠤᠷᠭᠠᠯᠳ᠋ᠠ ᠶᠢᠨ ᠰᠤᠳ᠋ᠤᠯᠭᠠᠨ ᠦ ᠠᠵᠢᠯ ᠢ ᠭᠤᠤᠯᠳ᠋ᠠᠯᠭ᠎ᠠ ᠪᠤᠯᠭᠠᠨ ᠦᠨᠳ᠋ᠦᠷ ᠦᠷ᠎ᠡ ᠠᠰᠢᠭᠳ᠋ᠤ ᠬᠢᠴᠢᠶᠡᠯᠯᠡᠬᠡ ᠶᠢ ᠪᠣᠢ ᠪᠣᠯᠭᠠᠬᠤ ᠪᠠᠷ ᠴᠢᠷᠮᠠᠢᠨ ᠠᠵᠢᠯ ᠤᠨ ᠲᠦ᠋ᠰᠦᠪ ᠢᠶᠡᠨ ᠮᠦ᠋ᠷᠳ᠋ᠡᠨ ᠴᠢᠷᠮᠠᠢᠯᠳ᠋ᠠ ᠲᠡᠢ ᠠᠵᠢᠯᠯᠠᠵᠤ ᠢᠷᠡᠪᠡ ᠃

 ᠵᠢᠭᠠᠬᠤ ᠶᠢ ᠰᠣᠳ᠋ᠣᠯᠬᠤ ᠦᠬᠡᠷᠡᠴᠢᠯᠡᠬᠦ ᠭᠠᠵᠠᠷ ᠨᠢ ᠰᠤᠷᠭᠠᠭᠤᠯᠢ ᠶᠢᠨ ᠤᠳ᠋ᠤᠷᠢᠳᠬᠤ ᠪᠠᠭ ᠤᠨ ᠵᠢᠯᠤᠭᠤᠳ᠋ᠤᠯᠭ᠎ᠠ ᠲᠣᠣᠷ᠎ᠠ  ᠂ ᠬᠤᠳ᠋ᠠ ᠶᠢᠨ ᠰᠤᠷᠭᠠᠨ ᠬᠦᠮᠦᠵᠢᠯ ᠦᠨ ᠲᠤᠪᠴᠢᠶ᠎ᠠ ᠶᠢᠨ ᠲᠤᠰᠬᠠᠢ  ᠮᠡᠷᠬᠡᠵᠢᠯᠳ᠋ᠡᠳ ᠦᠨ ᠠᠵᠢᠯᠯᠠᠬᠤ ᠦᠷᠦᠭᠡ ᠶᠢᠨ  ᠪᠦᠳ᠋ᠦᠬᠡᠨ  ᠪᠠᠢᠭᠤᠯᠤᠯᠳ᠋ᠠ ᠶᠢᠨ  ᠪᠤᠳ᠋ᠠᠳ᠋ᠠᠢ  ᠱᠠᠭᠠᠷᠳ᠋ᠠᠯᠭ᠎ᠠ ᠵᠢᠴᠢ  ᠦᠪᠦᠷ  ᠮᠤᠩᠭᠤᠯ ᠤᠨ   ᠦᠪᠡᠷᠳ᠋ᠡᠬᠡᠨ  ᠵᠠᠰᠠᠬᠤ  ᠤᠷᠤᠨ ᠦ  ᠵᠢᠭᠠᠬᠤ ᠶᠢ  ᠰᠤᠳ᠋ᠤᠯᠬᠤ  ᠲᠦ᠋ᠪ ᠤᠨ ﹇ 2015 ﹈ 61 ᠳ᠋ᠤᠭᠡᠷ ᠲᠤᠭᠠᠳ᠋ᠤ ᠪᠢᠴᠢᠭ᠌ ᠮᠠᠲ᠋ᠸᠷᠢᠶᠠᠯ ᠤᠨ ᠵᠤᠷᠢᠭ ᠰᠠᠨ᠋ᠠᠭ᠎ᠠ ᠶᠢ ᠦᠨᠳ᠋ᠦᠰᠦᠯᠡᠨ 《 ᠰᠣᠷᠤᠯᠴᠠᠯᠭ᠎ᠠ  ᠶᠢᠨ ᠬᠡᠯᠪᠡᠷᠢ ᠶᠢᠨ ᠂ ᠰᠤᠳ᠋ᠤᠯᠭᠠᠨ ᠦ ᠬᠡᠯᠪᠡᠷᠢ ᠶᠢᠨ ᠂ ᠲᠤᠰᠬᠠᠢ ᠮᠡᠷᠬᠡᠵᠢᠯᠳ᠋ᠡᠨ ᠬᠡᠯᠪᠡᠷᠢ ᠶᠢᠨ ᠪᠠᠭᠰᠢ ᠶᠢᠨ ᠡᠩᠨ᠋ᠡᠬᠡ 》ᠵᠢ ᠪᠦᠳ᠋ᠦᠬᠡᠨ ᠪᠠᠢᠭᠤᠯᠵᠤ ᠂ ᠦᠷ᠎ᠡ ᠠᠰᠢᠭᠳ᠋ᠦ ᠵᠢᠭᠠᠨ ᠰᠤᠷᠭᠠᠯᠳ᠋ᠠ ᠶᠢᠨ ᠰᠤᠳ᠋ᠤᠯᠭᠠᠨ ᠢ ᠦᠷᠨ᠋ᠢᠬᠦᠯᠬᠦ 《 ᠭᠤᠷᠪᠠᠨ ᠵᠢᠯ ᠦᠨ ᠲᠦ᠋ᠯᠦᠪᠵᠢᠬᠦᠯᠬᠡ 》 ( ᠲᠤᠷᠰᠢᠨ ᠬᠡᠷᠡᠭᠯᠡᠬᠦ )ᠵᠢ ᠶᠠᠷᠢᠯᠴᠠᠨ ᠲᠣᠭᠳ᠋ᠠᠵᠤ ᠂ 《 ᠭᠤᠷᠪᠠᠨ ᠵᠢᠯ ᠦᠨ ᠲᠦ᠋ᠯᠦᠪᠵᠢᠬᠦᠯᠬᠡ 》ᠵᠢ ᠮᠦ᠋ᠷᠳ᠋ᠡᠨ ᠠᠵᠢᠯ ᠢᠶᠡᠨ ᠡᠷᠴᠢᠮᠳ᠋ᠠᠢ ᠡᠬᠢᠯᠡᠬᠦᠯᠦᠭᠰᠡᠨ ᠪᠠᠢᠨ᠎ᠠ ᠃

ᠨᠢᠭᠡ ᠂ ᠵᠠᠯᠠᠭᠤ ᠪᠠᠭᠰᠢ ᠶᠢ ᠲᠠᠭᠠᠭᠤᠯᠤᠨ ᠬᠦᠮᠦᠵᠢᠬᠦᠯᠭᠦ ᠠᠵᠢᠯ ᠢ ᠴᠢᠬᠤᠯᠠᠴᠢᠯᠠᠨ ᠬᠦᠨᠳ᠋ᠦᠳᠬᠡᠵᠤ ᠰᠢᠨ᠎ᠡ ᠪᠠᠷ ᠠᠵᠢᠯ ᠳ᠋ᠤ ᠭᠠᠷᠤᠭᠰᠠᠨ ᠵᠠᠯᠠᠭᠤ ᠪᠠᠭᠰᠢ ᠨᠠᠷ ᠤᠨ ᠲᠡᠭᠡᠭᠰᠢᠯᠡᠯᠳ᠋ᠡ ᠶᠢ  ᠠᠬᠢᠭᠤᠯᠬᠤ ᠶᠢᠨ  ᠲᠤᠰᠠᠳ᠋ᠠ ᠂ 31 ᠵᠠᠯᠠᠭᠤ ᠪᠠᠭᠰᠢ ᠳ᠋ᠤ 27 ᠲᠠᠭᠠᠭᠤᠯᠤᠨ ᠬᠦᠮᠦᠵᠢᠬᠦᠯᠦᠭᠴᠢ ᠪᠠᠭᠰᠢ ᠶᠢ ᠲᠤᠬᠢᠷᠠᠭᠤᠯᠤᠨ ᠦᠭᠴᠤ ᠲᠠᠭᠠᠭᠤᠯᠤᠨ ᠬᠦᠮᠦᠵᠢᠬᠦᠯᠦᠭᠴᠢ ᠪᠠᠭᠰᠢ ᠨᠢ ᠲᠠᠭᠠᠨ ᠬᠦᠮᠦᠵᠢᠭ᠍ᠳ᠋ᠡᠭᠴᠢ ᠳ᠋ᠦ ᠬᠢᠴᠢᠶᠡᠯ ᠪᠡᠯᠡᠳᠬᠡᠬᠦ ᠂ ᠬᠢᠴᠢᠶᠡᠯᠯᠡᠬᠦ ᠪᠠ ᠰᠤᠷᠤᠭᠴᠢ ᠶᠢ ᠬᠦᠮᠦᠵᠢᠬᠦᠯᠬᠦ ᠤᠷ᠎ᠠ ᠳᠡᠮ ᠂ ᠠᠷᠭ᠎ᠠ ᠣᠬᠠᠭᠠᠨ ᠢ ᠵᠢᠭᠠᠨ ᠦᠭᠴᠦ ᠂ ᠲᠠᠰᠬᠠᠯ ᠵᠠᠰᠠᠬᠤ ᠂ ᠰᠤᠷᠬᠤ ᠲᠦ᠋ᠰᠦᠯ ᠨᠠᠢᠷᠠᠭᠤᠯᠬᠤ ᠂ ᠰᠡᠳ᠋ᠦᠪ ᠪᠤᠯᠪᠠᠰᠤᠷᠠᠯ ᠢ ᠨᠠᠢᠷᠠᠭᠤᠯᠵᠤ ᠰᠢᠯᠭᠠᠯᠲᠠ ᠶᠢᠨ ᠰᠡᠳ᠋ᠦᠪ ᠭᠠᠷᠭᠠᠬᠤ ᠵᠡᠷᠬᠡ ᠡᠯ᠎ᠡ ᠲᠠᠯ᠎ᠠ ᠪᠠᠷ ᠰᠠᠨ᠋ᠠᠯ ᠰᠠᠨ᠋ᠠᠭᠤᠯᠭ᠎ᠠ ᠂ ᠵᠦ᠋ᠪᠯᠡᠯᠭᠡ ᠵᠢᠯᠤᠭᠤᠳ᠋ᠤᠯᠭ᠎ᠠ ᠦᠭᠴᠦ ᠂ ᠲᠠᠳ᠋ᠡᠨ᠋ᠤᠰ ᠤᠨ ᠬᠠᠷᠢᠭᠤᠴᠠᠯᠭᠠᠳ᠋ᠤ ᠣᠪᠤᠷ ᠴᠢᠩᠭ᠎ᠠ ᠂ ᠦᠢᠯᠡᠰᠴᠢ ᠰᠡᠳᠬᠢᠯᠭᠡ ᠦᠨᠳ᠋ᠦᠷ ᠂ ᠦᠪᠡᠷᠮᠢᠴᠡ ᠵᠢᠭᠠᠨ ᠰᠤᠷᠭᠠᠬᠤ ᠤᠷ᠎ᠠ ᠳᠡᠮ ᠪᠠ ᠬᠡᠪ ᠨᠠᠮᠪᠠ ᠪᠦᠬᠦᠢ ᠪᠠᠭᠰᠢ ᠪᠤᠯᠵᠤ ᠬᠦᠮᠦᠵᠢᠭ᠍ᠳ᠋ᠡᠬᠦ ᠶᠢ ᠠᠬᠢᠭᠤᠯᠤᠭᠰᠠᠨ ᠪᠠᠢᠨ᠎ᠠ ᠃

ᠵᠠᠯᠠᠭᠤ ᠪᠠᠭᠰᠢ ᠨᠠᠷ ᠢ ᠬᠦᠮᠦᠵᠢᠬᠦᠯᠬᠦ ᠠᠵᠢᠯ ᠢ ᠨᠡᠩ ᠰᠢᠨᠵᠢᠯᠡᠬᠦ ᠤᠬᠠᠭᠠᠨᠴᠢ ᠂ ᠨᠡᠩ ᠦᠷ᠎ᠡ ᠠᠰᠢᠭ ᠲᠡᠢ ᠪᠤᠯᠭᠠᠨ ᠮᠠᠨ ᠦ ᠰᠤᠷᠭᠠᠭᠤᠯᠢ ᠶᠢᠨ ᠢᠶᠡᠨ ᠪᠠᠭᠰᠢ ᠶᠢᠨ ᠡᠩᠨ᠋ᠡᠬᠡᠨ ᠦ ᠬᠦᠴᠦᠷᠬᠡᠭᠵᠢᠯ ᠳ᠋ᠦ ᠣᠬᠢ ᠰᠠᠢᠨ ᠰᠠᠭᠤᠷᠢ ᠲᠠᠯᠪᠢᠬᠤ ᠶᠢ ᠵᠤᠷᠢᠵᠤ ᠂ ᠲᠤᠰ ᠰᠤᠷᠤᠯᠭ᠎ᠠ ᠶᠢᠨ ᠬᠤᠭᠤᠴᠠᠭᠠᠨ ᠳ᠋ᠤ ᠰᠢᠨ᠎ᠡ ᠪᠠᠷ ᠠᠵᠢᠯ ᠤᠨ ᠪᠠᠢᠷᠢ ᠳ᠋ᠤ ᠭᠠᠷᠤᠭᠰᠠᠨ ᠪᠠ ᠰᠢᠨ᠎ᠡ ᠪᠠᠷ ᠠᠵᠢᠯ ᠰᠢᠯᠵᠢᠨ ᠢᠷᠡᠭᠰᠡᠨ 29 ᠪᠠᠭᠰᠢ ᠶᠢᠨ ᠬᠢᠴᠢᠶᠡᠯ ᠢ ᠰᠤᠨ᠋ᠤᠰᠤᠨ ᠬᠠᠷᠢᠭᠤ ᠪᠤᠴᠠᠯᠲᠠ ᠶᠢᠨ ᠬᠤᠷᠠᠯ ᠢ ᠵᠤᠬᠢᠶᠠᠨ ᠪᠠᠢᠭᠤᠯᠵᠤ ᠠᠮᠵᠢᠯᠳ᠋ᠠ ᠲᠡᠢ ᠲᠠᠯ᠎ᠠ ᠶᠢ ᠨᠢ ᠨᠣᠲᠠᠯᠠᠨ ᠵᠤᠷᠢᠭᠵᠢᠭᠤᠯᠵᠦ  ᠂ ᠤᠷᠤᠰᠢᠵᠦ ᠪᠦᠬᠦᠢ ᠬᠠᠯᠠᠨ ᠰᠠᠢᠵᠢᠷᠠᠭᠤᠯᠬᠤ ᠴᠢᠬᠤᠯᠠ ᠲᠡᠢ ᠵᠤᠢᠯᠡᠰ ᠢ ᠵᠢᠭᠠᠨ ᠭᠠᠷᠭᠠᠭᠰᠠᠨ ᠪᠦᠬᠡᠳ  《 ᠵᠠᠯᠠᠭᠤ ᠪᠠᠭᠰᠢ ᠨᠠᠷ ᠤᠨ ᠬᠠᠷᠢᠭᠤ ᠮᠡᠳ᠋ᠡᠬᠦᠯᠦᠯᠳ᠋ᠡ ᠶᠢᠨ ᠬᠢᠴᠢᠶᠡᠯ ᠢ ᠰᠤᠨ᠋ᠤᠰᠴᠦ ᠦᠨ᠋ᠡᠯᠡᠬᠦ ᠠᠵᠢᠯᠯᠠᠭᠠᠨ 》ᠢ᠋ ᠵᠤᠬᠢᠶᠠᠨ ᠪᠠᠢᠭᠤᠯᠵᠤ ᠂ ᠨᠡᠢᠲᠡ 52 ᠪᠠᠭᠰᠢ ᠶᠢᠨ ᠬᠢᠴᠢᠶᠡᠯ ᠢ  ᠬᠤᠰᠢᠭᠤᠨ ᠦ ᠭᠠᠳ᠋ᠠᠨ᠎ᠠ ᠲᠤᠳ᠋ᠤᠨ᠎ᠠ ᠠ᠋ᠴᠠ ᠲᠤᠰᠬᠠᠢᠯᠠᠨ ᠤᠷᠢᠨ ᠵᠠᠯᠠᠭᠰᠠᠨ ᠬᠢᠨ᠋ᠠᠭᠴᠢ ᠪᠠᠭᠰᠢ ᠶᠢᠨ ᠳᠤᠭᠤᠢᠯᠠᠩ ᠢᠶᠡᠷ ᠦᠨ᠋ᠡᠯᠡᠬᠦᠯᠦᠨ ᠪᠤᠣ ᠯᠢ ᠨᠠ ᠂ ᠪᠣᠤ ᠯᠢ ᠵᠢᠶᠸ ᠂ ᠴᠸᠨ ᠮᠦ᠋ᠯᠡᠨ ᠵᠡᠷᠭᠡ 12 ᠪᠠᠭᠰᠢ ᠶᠢᠨ ᠬᠢᠴᠢᠶᠡᠯ 《 ᠰᠢᠯᠢᠳ᠋ᠡᠭ᠌ ᠬᠢᠴᠢᠶᠡᠯᠯᠡᠭᠡ 》 ᠪᠠᠷ ᠲᠤᠳ᠋ᠤᠷᠠᠭᠰᠠᠨ ᠪᠠᠢᠨ᠎ᠠ ᠃

ᠵᠢᠭᠠᠬᠤ ᠶᠢ ᠰᠤᠳ᠋ᠤᠯᠬᠤ ᠦᠬᠡᠷᠡᠴᠢᠯᠡᠬᠦ ᠭᠠᠵᠠᠷ ᠨᠢ 《 ᠵᠠᠯᠠᠭᠤ ᠪᠠᠭᠰᠢ ᠨᠠᠷ ᠤᠨ ᠬᠠᠷᠢᠭᠤ ᠮᠡᠳ᠋ᠡᠬᠦᠯᠦᠯᠳ᠋ᠡ ᠶᠢᠨ ᠬᠢᠴᠢᠶᠡᠯ ᠢ ᠰᠤᠨ᠋ᠤᠰᠬᠤ ᠦᠨ᠋ᠡᠯᠡᠬᠦ ᠠᠵᠢᠯᠯᠠᠭᠠᠨ 》 ᠦᠷ᠎ᠠ ᠠᠰᠢᠭ ᠢ ᠪᠠᠳ᠋ᠠᠷᠠᠭᠤᠯᠬᠤ ᠶᠢᠨ ᠲᠦ᠋ᠯᠦᠬᠡ ᠠᠵᠢᠯᠯᠠᠭᠠᠨ ᠦ ᠲᠠᠷᠠᠭ᠎ᠠ ᠬᠢᠴᠢᠶᠡᠯ ᠰᠤᠨ᠋ᠤᠰᠤᠭᠰᠠᠨ ᠪᠠ ᠬᠢᠴᠢᠶᠡᠯ ᠦᠨ ᠦᠨ᠋ᠡᠯᠡᠯᠳ᠋ᠡ ᠶᠢ ᠰᠤᠨ᠋ᠤᠰᠤᠭᠰᠠᠨ ᠪᠠᠭᠰᠢ ᠨᠠᠷ ᠤᠨ ᠬᠤᠷᠠᠯ ᠢ ᠵᠤᠬᠢᠶᠠᠨ ᠪᠠᠢᠭᠤᠯᠵᠤ ᠂ ᠤᠷᠤᠰᠢᠵᠤ ᠪᠠᠢᠭ᠎ᠠ ᠠᠰᠠᠭᠤᠳ᠋ᠠᠯ ᠢᠶᠡᠨ ᠰᠢᠢᠳᠪᠤᠷᠢᠯᠡᠬᠦ ᠠᠷᠭ᠎ᠠ ᠶᠢ ᠰᠦ᠋ᠪᠡᠭᠴᠢᠯᠡᠨ ᠂ ᠵᠠᠯᠠᠭᠤ ᠪᠠᠭᠰᠢ ᠨᠠᠷ ᠤᠨ ᠦᠨᠳ᠋ᠦᠰᠦᠨ ᠴᠢᠳ᠋ᠠᠪᠤᠷᠢ ᠶᠢ ᠲᠡᠭᠡᠭᠰᠢᠯᠡᠬᠦᠯᠬᠦ ᠴᠢᠬᠤᠯᠠ ᠲᠡᠢ ᠪᠠᠢᠭ᠎ᠠ ᠶᠢ ᠲᠠᠨ᠋ᠢᠵᠤ ᠂ ᠶᠠᠭᠤᠨ ᠦ ᠡᠮᠦᠨ᠎ᠡ 《 ᠭᠠᠷ ᠤᠨ ᠲᠢᠭ᠌ ᠢᠶᠡᠨ ᠲᠡᠭᠡᠭᠰᠢᠯᠡᠬᠦᠯᠬᠦ ᠪᠤᠯᠪᠠᠰᠤᠷᠠᠯ 》ᠢ᠋ ᠴᠢᠩᠭᠠᠳᠬᠠᠬᠤ ᠲᠤᠰᠬᠠᠢ ᠬᠤᠷᠠᠯ ᠢ ᠵᠤᠬᠢᠶᠠᠨ ᠪᠠᠢᠭᠤᠯᠵᠤ ᠂ ᠬᠢᠨ᠋ᠠᠨ ᠱᠠᠭᠠᠷᠳ᠋ᠠᠵᠦ ᠵᠢᠯᠤᠭᠤᠳ᠋ᠤᠨ ᠲᠡᠭᠡᠭᠰᠢᠯᠡᠬᠦᠯᠬᠦ ᠪᠠᠭᠰᠢ ᠶᠢ ᠲᠤᠬᠢᠷᠠᠭᠤᠯᠤᠨ ᠵᠠᠯᠠᠭᠤ ᠪᠠᠭᠰᠢ ᠨᠠᠷ ᠤᠨ ᠠᠮᠠᠷᠠᠯᠲᠠ ᠶᠢᠨ ᠬᠤᠭᠤᠴᠠᠭᠠᠨ ᠦ ᠴᠠᠭ ᠢᠶᠡᠨ ᠠᠰᠢᠭᠯᠠᠨ ᠭᠠᠷ ᠤᠨ ᠲᠢᠭ᠌ ᠢᠶᠡᠨ ᠲᠡᠭᠡᠭᠰᠢᠯᠡᠬᠦᠯᠬᠦ ᠪᠤᠯᠪᠠᠰᠤᠷᠠᠯ ᠬᠢᠬᠦ ᠶᠢ ᠤᠷᠢᠶᠠᠯᠠᠭᠰᠠᠨ ᠪᠦᠬᠡᠳ ᠵᠢᠭᠠᠬᠤ ᠶᠢ ᠰᠣᠳ᠋ᠤᠯᠬᠤ ᠦᠬᠡᠷᠡᠴᠢᠯᠡᠬᠦ ᠭᠠᠵᠠᠷ ᠠ᠋ᠴᠠ  ᠲᠦ᠋ᠷᠬᠡᠨᠪᠠᠶᠠᠷ  ᠡᠷᠬᠢᠯᠡᠭᠴᠢ ᠶᠢ ᠲᠤᠰᠬᠠᠢ ᠬᠠᠷᠢᠭᠤᠴᠠᠭᠴᠢ ᠪᠠᠷ ᠲᠤᠬᠢᠷᠠᠭᠤᠯᠤᠨ ᠂ ᠬᠤᠷᠠᠯ ᠳ᠋ᠦ ᠬᠡᠷᠡᠯ ᠵᠠᠬᠢᠷᠤᠯ ᠂ ᠬᠦᠬᠡᠮᠦ᠋ᠷᠡᠨ ᠵᠠᠬᠢᠷᠤᠯ ᠂ ᠵᠤᠯᠠᠨᠴᠡᠴᠡᠭ᠌ ᠡᠷᠬᠢᠯᠡᠭᠴᠢ ᠪᠠ ᠲᠦ᠋ᠷᠬᠡᠨᠪᠠᠶᠠᠷ ᠡᠷᠬᠢᠯᠡᠭᠴᠢ ᠠ᠋ᠴᠠ ᠵᠠᠯᠠᠭᠤ ᠪᠠᠭᠰᠢ ᠨᠠᠷ ᠲᠦ ᠰᠠᠨ᠋ᠠᠯ ᠰᠠᠨ᠋ᠠᠭᠤᠯᠭ᠎ᠠ ᠦᠭ᠍ᠬᠦᠭᠰᠡᠨ ᠪᠠᠢᠨ᠎ᠠ ᠃

ᠬᠤᠶᠠᠷ ᠂  ᠵᠢᠭᠠᠨ ᠰᠤᠷᠭᠠᠯᠲᠠ ᠶᠢᠨ ᠰᠤᠳ᠋ᠤᠯᠭᠠᠨ ᠦ ᠬᠠᠮᠢᠶᠠᠷᠣᠯᠳ᠋ᠠ ᠶᠢ ᠴᠢᠩᠭᠠᠳᠬᠠᠨ ᠂ ᠲᠤᠰᠬᠠᠢ ᠰᠡᠳ᠋ᠦᠪ  ᠦᠨ ᠰᠤᠳ᠋ᠤᠯᠭᠠᠨ ᠦᠷᠨ᠋ᠢᠬᠦᠯᠬᠦ ᠂ ᠬᠢᠴᠢᠶᠡᠯ ᠰᠤᠨ᠋ᠤᠰᠤᠨ ᠵᠢᠭᠠᠨ ᠵᠢᠯᠤᠭᠤᠳ᠋ᠤᠯᠭ᠎ᠠ ᠦᠭ᠍ᠬᠥ ᠂ ᠵᠢᠭᠠᠨ ᠰᠤᠷᠭᠠᠯᠲᠠ ᠶᠢᠨ ᠠᠬᠢᠴᠠ ᠶᠢ ᠬᠢᠨ᠋ᠠᠨ ᠵᠢᠯᠣᠭᠣᠳᠬᠤ ᠂ ᠵᠢᠭᠠᠨ ᠰᠤᠷᠭᠠᠯᠳ᠋ᠠ ᠶᠢᠨ ᠦᠷ᠎ᠡ ᠠᠰᠢᠭ ᠲᠦ ᠦᠨ᠋ᠡᠯᠡᠯᠳ᠋ᠡ ᠬᠢᠬᠦ ᠵᠡᠷᠬᠡ ᠠᠷᠭ᠎ᠠ ᠪᠠᠷᠢᠯ ᠢᠶᠡᠷ ᠰᠤᠷᠭᠠᠭᠤᠯᠢ ᠶᠢᠨ ᠵᠢᠭᠠᠨ ᠰᠤᠷᠭᠠᠬᠤ ᠠᠵᠢᠯ ᠤᠨ ᠨᠠᠷᠢᠯᠢᠭ ᠬᠠᠮᠢᠶᠠᠷᠤᠯᠲᠠ ᠪᠣᠯᠣᠨ ᠲᠦ᠋ᠷᠢᠮᠵᠢᠭᠰᠡᠨ ᠬᠠᠮᠢᠶᠠᠷᠣᠯᠳ᠋ᠠ ᠶᠢ ᠪᠦᠬᠦ ᠲᠠᠯ᠎ᠠ ᠪᠠᠷ ᠲᠦ᠋ᠯᠬᠢᠨ ᠠᠬᠢᠭᠤᠯᠬᠤ ᠳ᠋ᠤ ᠤᠯᠠᠨ ᠪᠤᠳ᠋ᠠᠳ᠋ᠠᠢ ᠠᠵᠢᠯ ᠢ ᠬᠢᠵᠦ  ᠂ ᠪᠦᠬᠦ ᠪᠠᠭᠰᠢ ᠨᠠᠷ ᠤᠨ ᠲᠤᠬᠠᠢᠯᠠᠭᠰᠠᠨ ᠠᠵᠢᠯ ᠤᠨ ᠪᠤᠯᠪᠠᠰᠤᠷᠠᠯ ᠢ ᠴᠢᠩᠭᠠᠳᠬᠠᠨ ᠂ ᠡᠯ᠎ᠡ ᠵᠤᠢᠯ ᠤᠨ ᠰᠤᠷᠤᠯᠴᠠᠯᠭ᠎ᠠ ᠪᠤᠯᠪᠠᠰᠤᠷᠠᠯ ᠳ᠋ᠤ ᠤᠷᠤᠯᠴᠠᠬᠤ ᠵᠠᠪᠰᠢᠶᠠᠨ ᠲᠣᠬᠢᠶᠠᠯ ᠢ ᠪᠦᠷᠢᠯᠳ᠋ᠦᠬᠦᠯᠦᠨ ᠦᠭᠴᠦ ᠰᠤᠷᠤᠯᠴᠠᠭᠤᠯᠤᠭᠰᠠᠨ ᠪᠠᠢᠨ᠎ᠠ ᠃ ᠲᠤᠰ ᠰᠤᠷᠤᠯᠭ᠎ᠠ ᠶᠢᠨ ᠬᠤᠭᠤᠴᠠᠭᠠᠨ ᠳ᠋ᠤ ᠤᠯᠠᠭᠠᠨᠬᠠᠳ᠋ᠠ ᠬᠤᠳ᠋ᠠ ᠶᠢᠨ ᠵᠢᠭᠠᠬᠤ ᠶᠢ ᠰᠤᠳ᠋ᠤᠯᠬᠤ ᠲᠥ᠋ᠪ ᠡᠴᠡ ᠡᠷᠬᠢᠯᠡᠭᠰᠡᠨ  《 ᠲᠡᠬᠡᠳ᠋ᠦ ᠰᠢᠯᠭᠠᠯᠳ᠋ᠠ ᠶᠢᠨ ᠰᠡᠳ᠋ᠦᠪ ᠢ ᠵᠠᠳ᠋ᠠᠯᠵᠦ ᠰᠤᠳ᠋ᠤᠯᠤᠨ ᠶᠠᠷᠢᠯᠴᠠᠬᠤ ᠬᠤᠷᠠᠯ 》 ᠳ᠋ᠤ 11ᠪᠠᠭᠰᠢ ᠂ 《 ᠦᠪᠦᠷ ᠮᠤᠩᠭᠤᠯ ᠤᠨ ᠦᠪᠡᠷᠳ᠋ᠡᠬᠡᠨ ᠵᠠᠰᠠᠬᠤ ᠤᠷᠤᠨ ᠦ ᠰᠤᠷᠭᠠᠨ ᠬᠦᠮᠦᠵᠢᠯ ᠦᠨ ᠲᠢᠩᠭᠢᠮ ᠠ᠋ᠴᠠ ᠡᠷᠬᠢᠯᠡᠭ᠍ᠰᠡᠨ ᠬᠢᠳ᠋ᠡᠳ ᠬᠡᠯᠡᠨ ᠦ ᠪᠠᠭᠰᠢ ᠶᠢᠨ ᠪᠤᠯᠪᠠᠰᠤᠷᠠᠯ 》 ᠳ᠋ᠤ ᠤᠷᠢᠳ ᠬᠣᠵᠢᠳ 4  ᠪᠠᠭᠰᠢ  ᠂ 《 ᠲᠦ᠋ᠩᠯᠢᠶᠤᠤ ᠬᠣᠲᠠ ᠶᠢᠨ ᠵᠢᠷᠭᠤᠳ᠋ᠤᠭᠠᠷ ᠬᠤᠭᠤᠴᠠᠭᠠᠨ ᠦ ᠮᠤᠩᠭᠤᠯ ᠢᠶᠡᠷ ᠬᠢᠴᠢᠶᠡᠯᠯᠡᠬᠦ ᠲᠡᠬᠡᠳ᠋ᠦ ᠲᠤᠮᠳ᠋ᠠᠳ᠋ᠤ ᠶᠢᠨ < ᠰᠤᠷᠭᠠᠨ ᠬᠦᠮᠦᠵᠢᠯ ᠰᠣᠳ᠋ᠣᠯᠭᠠᠨ 》 ᠡᠬᠡᠯᠵᠢᠳ᠋ᠦ ᠬᠤᠷᠠᠯ ᠳ᠋ᠤ 3 ᠪᠠᠭᠰᠢ ᠂ ᠬᠤᠰᠢᠭᠤᠨ ᠦ ᠰᠤᠷᠭᠠᠨ ᠬᠦᠮᠦᠵᠢᠯ ᠦᠨ ᠲᠤᠪᠴᠢᠶᠠᠨ ᠦ ᠦᠨᠳ᠋ᠦᠰᠦᠳ᠋ᠡᠨ ᠦ ᠰᠤᠷᠭᠠᠨ ᠬᠦᠮᠦᠵᠢᠯ ᠦᠨ ᠰᠠᠯᠠᠭ᠎ᠠ  ᠠ᠋ᠴᠠ ᠡᠷᠬᠢᠯᠡᠭᠰᠡᠨ 《 ᠦᠨᠳ᠋ᠦᠰᠦᠳ᠋ᠡᠨ ᠦ ᠲᠤᠮᠳ᠋ᠠᠳ᠋ᠤ ᠪᠠᠭ᠎ᠠ ᠰᠤᠷᠭᠠᠭᠤᠯᠢ ᠶᠢᠨ ᠵᠠᠬᠢᠷᠤᠯ ᠨᠠᠷ ᠤᠨ ᠲᠤᠭᠤᠷᠢᠨ ᠰᠤᠷᠤᠯᠴᠠᠬᠤ ᠪᠤᠯᠪᠠᠰᠤᠷᠠᠯ 》 ᠳ᠋ᠤ 1  ᠪᠠᠭᠰᠢ  ᠂ ᠡᠪ ᠬᠠᠮᠳ᠋ᠦ ᠵᠠᠯᠠᠭᠤᠴᠤᠳ ᠤᠨ ᠡᠪᠯᠡᠯ ᠦᠨ ᠤᠯᠠᠭᠠᠨᠬᠠᠲᠠ ᠬᠤᠳ᠋ᠠ ᠶᠢᠨ ᠬᠣᠷᠢᠶ᠎ᠠ  ᠠ᠋ᠴᠠ ᠡᠷᠬᠢᠯᠡᠭᠰᠡᠨ 《 ᠬᠤᠪᠢᠰᠬᠠᠯ ᠤᠨ ᠰᠠᠭᠤᠷᠢᠨ ᠭᠠᠵᠠᠷ ᠤᠨ ᠬᠦᠮᠦᠵᠢᠯ ᠦᠨ ᠪᠤᠯᠪᠠᠰᠤᠷᠠᠯ 》 ᠳ᠋ᠤ 1 ᠪᠠᠭᠰᠢ ᠂ 《 ᠦᠪᠦᠷ ᠮᠤᠩᠭᠤᠯ ᠤᠨ ᠦᠪᠡᠷᠳ᠋ᠡᠬᠡᠨ ᠵᠠᠰᠠᠬᠤ ᠤᠷᠤᠨ ᠦ ᠰᠤᠷ ᠬᠠᠷᠪᠤᠯᠲᠠ ᠶᠢᠨ ᠰᠤᠷᠭᠠᠭᠴᠢ ᠶᠢᠨ ᠪᠤᠯᠪᠠᠰᠤᠷᠠᠯ 》 ᠳ᠋ᠤ 2 ᠪᠠᠭᠰᠢ ᠂  《  2015 ᠣᠨ ᠦ ᠪᠦᠬᠦ ᠤᠷᠤᠨ ᠦ ᠮᠤᠩᠭᠤᠯ ᠢᠶᠡᠷ ᠬᠢᠴᠢᠶᠡᠯᠯᠡᠵᠤ ᠪᠠᠢᠭ᠎ᠠ ᠲᠤᠮᠳ᠋ᠠᠳ᠋ᠤ ᠰᠤᠷᠭᠠᠭᠤᠯᠢ ᠶᠢᠨ ᠬᠥ᠋ᠯ ᠪᠦᠮᠪᠦᠬᠡ ᠶᠢᠨ ᠠᠩᠭᠢ ᠶᠢᠨ ᠰᠤᠷᠭᠠᠭᠴᠢ ᠶᠢᠨ ᠪᠤᠯᠪᠠᠰᠤᠷᠠᠯ 》 ᠳ᠋ᠤ 1 ᠪᠠᠭᠰᠢ ᠂ ᠦᠪᠦᠷ ᠮᠤᠩᠭᠤᠯ ᠤᠨ ᠦᠪᠡᠷᠳ᠋ᠡᠬᠡᠨ ᠵᠠᠰᠠᠬᠤ ᠤᠷᠤᠨ ᠦ ᠵᠢᠭᠠᠬᠤ ᠶᠢ ᠰᠤᠳ᠋ᠤᠯᠬᠤ ᠲᠦ᠋ᠪ  ᠤᠨ ᠡᠷᠬᠢᠯᠡᠭᠰᠡᠨ 《  ᠲᠡᠭᠡᠳ᠋ᠦ ᠰᠢᠯᠭᠠᠯᠲᠠ  ᠶᠢᠨ ᠬᠠᠭᠤᠳ᠋ᠠᠰᠤ ᠶᠢ ᠬᠢᠨ᠋ᠠᠵᠤ ᠦᠨ᠋ᠡᠯᠡᠬᠦ ᠰᠤᠳ᠋ᠤᠯᠭᠠᠨ ᠵᠢᠴᠢ ᠰᠢᠯᠭᠠᠯᠲᠠ ᠳ᠋ᠤ ᠪᠡᠯᠡᠳᠬᠡᠬᠦ ᠰᠤᠳ᠋ᠤᠯᠤᠨ ᠶᠠᠷᠢᠯᠴᠠᠬᠤ  ᠪᠤᠯᠪᠠᠰᠤᠷᠠᠯ 》 ᠳ᠋ᠤ 10 ᠪᠠᠭᠰᠢ ᠂  《 ᠤᠯᠠᠭᠠᠨᠬᠠᠳ᠋ᠠ ᠬᠤᠲᠠ ᠶᠢᠨ ᠨᠡᠷᠡᠲᠦ ᠪᠠᠭᠰᠢ ᠂ ᠲᠤᠰᠬᠠᠢ ᠮᠡᠷᠬᠡᠵᠢᠯᠳ᠋ᠡᠳ ᠦᠨ ᠠᠵᠢᠯᠯᠠᠬᠤ ᠦᠷᠦᠬᠡ ᠶᠢᠨ ᠪᠤᠯᠪᠠᠰᠤᠷᠠᠯ 》 ᠳ᠋ᠤ10 ᠪᠠᠭᠰᠢ ᠂ 《 2015 ᠣᠨ ᠦ ᠪᠦᠬᠦ ᠬᠣᠲᠠ ᠶᠢᠨ 《 ᠡᠩ ᠦᠨ ᠲᠡᠭᠡᠳ᠋ᠦ ᠵᠡᠷᠬᠡ ᠶᠢᠨ ᠲᠤᠮᠳ᠋ᠠᠳ᠋ᠤ ᠰᠤᠷᠭᠠᠭᠤᠯᠢ ᠶᠢᠨ ᠠᠩᠭᠢ ᠡᠷᠬᠢᠯᠡᠭᠴᠢ ᠪᠠ ᠰᠡᠳᠬᠢᠴᠡ ᠶᠢᠨ ᠡᠷᠡᠬᠦᠯ ᠮᠡᠨᠳ᠋ᠦ ᠶᠢᠨ ᠪᠠᠭᠰᠢ ᠶᠢᠨ ᠰᠣᠳ᠋ᠣᠯᠣᠨ ᠰᠣᠷᠣᠯᠴᠠᠬᠤ ᠪᠤᠯᠪᠠᠰᠤᠷᠠᠯ 》 ᠳ᠋ᠤ 6 ᠪᠠᠭᠰᠢ  ᠂ 《 ᠤᠯᠠᠭᠠᠨᠬᠠᠲᠠ  ᠬᠤᠲᠠ ᠶᠢᠨ ᠮᠤᠩᠭᠤᠯ ᠢᠶᠡᠷ ᠬᠢᠴᠢᠶᠡᠯᠯᠡᠬᠦ ᠲᠤᠮᠳ᠋ᠠᠳ᠋ᠤ ᠰᠤᠷᠭᠠᠭᠤᠯᠢ ᠶᠢᠨ ᠡᠯ᠎ᠡ ᠬᠢᠴᠢᠶᠡᠯ ᠲᠦ᠋ᠷᠦᠯ ᠦᠨ ᠪᠠᠭᠰᠢ ᠨᠠᠷ ᠤᠨ ᠪᠤᠯᠪᠠᠰᠤᠷᠠᠯ  》 ᠳ᠋ᠤ 32 ᠪᠠᠭᠰᠢ ᠂  ᠰᠢᠯᠢᠩᠬᠤᠲᠠ ᠳ᠋ᠤ ᠪᠤᠯᠤᠭᠰᠠᠨ  《 ᠪᠦᠬᠦ ᠤᠷᠤᠨ ᠦ ᠮᠤᠩᠭᠤᠯ ᠢᠶᠡᠷ ᠬᠢᠴᠢᠶᠡᠯᠡᠯᠬᠦ ᠲᠤᠮᠳ᠋ᠠᠳ᠋ᠤ ᠪᠠᠭ᠎ᠠ ᠰᠤᠷᠭᠠᠭᠤᠯᠢ ᠶᠢᠨ ᠡᠷᠬᠢᠯᠡᠭᠴᠢ ᠶᠢᠨ ᠪᠤᠯᠪᠠᠰᠤᠷᠠᠯ 》  ᠳ᠋ᠤ 5 ᠪᠠᠭᠰᠢ ᠲᠤᠮᠢᠯᠠᠨ ᠰᠤᠷᠤᠯᠴᠠᠭᠤᠯᠵᠤ ᠂ ᠤᠷᠢᠳ ᠬᠣᠵᠢᠳ ᠨᠠᠢᠳ᠋ᠡ 89 ᠪᠠᠭᠰᠢ ᠶᠢ ᠭᠠᠳ᠋ᠠᠭᠰᠢ ᠭᠠᠷᠭᠠᠨ ᠰᠤᠷᠤᠯᠴᠠᠭᠤᠯᠵᠤ ᠤᠨ᠋ᠤᠯ ᠦᠢᠯᠡᠳ᠋ᠦᠯᠭᠡ ᠶᠢᠨ ᠬᠢᠷᠢ ᠲᠦ᠋ᠪᠰᠢᠨ ᠢ ᠤᠯᠠᠮ ᠦᠨᠳ᠋ᠦᠷ ᠲᠦ᠋ᠪᠰᠢᠨ ᠳ᠋ᠦ ᠬᠦᠷᠬᠡᠬᠦ ᠶᠢ  ᠵᠣᠷᠢᠪᠠ ( ᠡᠬᠦᠨ ᠳ᠋ᠦ ᠨᠡᠢᠲᠡ 39 ᠬᠤᠪᠢ ᠭᠠᠳ᠋ᠠᠭᠰᠢ ᠭᠠᠷᠴᠦ ᠰᠤᠷᠤᠯᠴᠠᠭᠰᠠᠨ ᠬᠠᠷᠢᠭᠤ ᠮᠡᠳ᠋ᠡᠭᠦᠯᠦᠯᠳ᠋ᠡ ᠶᠢᠨ ᠬᠦᠰᠦᠨ᠋ᠦᠭ᠌ ᠢ ᠬᠤᠷᠢᠶᠠᠨ ᠣᠯᠣᠭᠰᠠᠨ ᠪᠠᠢᠨ᠎ᠠ ) ᠃

ᠠᠬᠠᠮᠠᠳ ᠪᠠᠭᠰᠢ ᠨᠠᠷ ᠤᠨ 《 ᠵᠢᠭᠠᠨ ᠵᠢᠯᠤᠭᠤᠳ᠋ᠤᠭᠴᠢ ᠂ ᠠᠬᠢᠭᠤᠯᠤᠭᠴᠢ ᠂ ᠬᠦᠮᠦᠵᠢᠬᠦᠯᠦᠭᠴᠢ ᠂ ᠲᠠᠭᠠᠭᠤᠯᠤᠭᠴᠢ  》ᠵᠢᠨ ᠦᠢᠯᠡᠳ᠋ᠦᠯ ᠢ ᠪᠠᠳ᠋ᠠᠷᠠᠭᠤᠯᠵᠤ  ᠂ ᠢᠳ᠋ᠡᠷ ᠪᠠᠭᠰᠢ ᠨᠠᠷ ᠤᠨ  《 ᠲᠤᠰᠬᠠᠢ ᠮᠡᠷᠬᠡᠵᠢᠯᠳ᠋ᠡᠨ ᠬᠡᠯᠪᠡᠷᠢ ᠶᠢᠨ ᠪᠠᠭᠰᠢ  ᠂ ᠰᠤᠳ᠋ᠤᠯᠭᠠᠳ᠋ᠠᠨ ᠬᠡᠯᠪᠡᠷᠢ ᠶᠢᠨ ᠪᠠᠭᠰᠢ 》 ᠪᠣᠯᠬᠤ ᠶᠢ ᠰᠠᠨ᠋ᠠᠭᠠᠴᠢᠯᠠᠨ ᠂ ᠬᠠᠮᠳ᠋ᠦ ᠪᠠᠷ ᠬᠢᠴᠢᠶᠡᠯ ᠪᠡᠯᠡᠳᠬᠡᠵᠤ ᠨᠡᠭᠡᠭᠡᠯᠲᠡ ᠲᠡᠢ ᠬᠢᠴᠢᠶᠡᠯ ᠬᠢᠬᠦ ᠂ ᠬᠠᠮᠳ᠋ᠦ ᠪᠠᠷ ᠬᠢᠴᠢᠶᠡᠯ ᠰᠤᠨ᠋ᠤᠰᠤᠨ ᠦᠨ᠋ᠡᠯᠡᠵᠦ ᠂ ᠬᠠᠮᠳ᠋ᠤ ᠪᠠᠷ ᠰᠡᠳ᠋ᠦᠪ ᠪᠤᠯᠪᠠᠰᠤᠷᠠᠯ ᠰᠤᠳ᠋ᠤᠯᠤᠨ ᠨᠠᠢᠷᠠᠭᠤᠯᠵᠤ ᠂ ᠬᠠᠮᠳ᠋ᠦ ᠪᠠᠷ ᠰᠢᠯᠭᠠᠯᠳ᠋ᠠ ᠶᠢᠨ ᠰᠡᠳ᠋ᠦᠪ ᠢ ᠰᠤᠳ᠋ᠤᠯᠤᠨ ᠶᠠᠷᠢᠯᠴᠠᠬᠤ ᠬᠠᠮᠳ᠋ᠦ ᠶᠢᠨ ᠤᠶᠤᠨ ᠤᠬᠠᠭᠠᠨ ᠦ ᠬᠦᠴᠦᠨ ᠢ ᠬᠦᠢᠴᠡᠳ ᠪᠠᠳ᠋ᠠᠷᠠᠭᠤᠯᠬᠤ ᠠᠵᠢᠯᠯᠠᠬᠤ  ᠠᠵᠢᠯ ᠤᠨ ᠰᠤᠷᠳ᠋ᠠᠯ ᠢ ᠪᠣᠢ ᠪᠤᠯᠭᠠᠬᠤ ᠂ ᠠᠬᠠᠮᠠᠳ ᠢᠳ᠋ᠡᠷ ᠵᠠᠯᠠᠭᠤ ᠬᠠᠷᠢᠯᠴᠠᠨ ᠰᠤᠷᠤᠯᠴᠠᠵᠤ ᠂ ᠬᠠᠷᠢᠯᠴᠠᠨ ᠨᠦ᠋ᠯᠦᠬᠡᠯᠡᠵᠤ ᠂ ᠬᠠᠷᠢᠯᠴᠠᠨ ᠠᠬᠢᠭᠤᠯᠬᠤ ᠠᠭᠤᠷ ᠠᠮᠢᠰᠬᠤᠯ ᠢ ᠦᠳᠬᠡᠷᠡᠭᠦᠯᠬᠦ ᠶᠢᠨ ᠲᠦ᠋ᠯᠦᠭᠡ ᠤᠷᠤᠨ ᠬᠤᠳ᠋ᠠ ᠶᠢᠨ ᠬᠢᠴᠢᠶᠡᠯ ᠲᠦ᠋ᠷᠦᠯ ᠦᠨ ᠲᠠᠭᠠᠭᠤᠯᠤᠭᠴᠢ ᠂ ᠭᠠᠷᠮᠠᠭᠠᠢ  ᠵᠢᠭᠠᠭᠴᠢ ᠶᠢᠨ ᠦᠵᠡᠭᠦᠯᠭᠡ ᠶᠢᠨ  ᠬᠢᠴᠢᠶᠡᠯ ᠢ  ᠵᠤᠬᠢᠶᠠᠨ ᠪᠠᠢᠭᠤᠯᠵᠤ  ᠬᠠᠰᠠᠦ᠋ᠯᠵᠠᠢ ᠂  ᠦᠯᠵᠠᠢᠨ᠋ᠠᠷᠠᠨ ᠂  ᠪᠢᠯᠢᠬᠦᠨᠳ᠋ᠠᠯᠠᠢ ᠂  ᠠᠯᠲᠠᠨᠸᠴᠢᠷ ᠂  ᠨᠠᠷᠠᠨᠲᠤᠩᠭᠠᠯᠠᠭ ᠂  ᠬᠦᠬᠡᠮᠦ᠋ᠷᠡᠨ ᠂  ᠶᠦ᠋ᠩ  ᠵᠢᠶᠦ᠋ᠨ ᠂ ᠰᠠᠷᠠᠨᠳ᠋ᠤᠶᠠᠭ᠎ᠠ ᠂ ᠬ ᠂ ᠵᠤᠯᠠᠨᠴᠡᠴᠡᠭ᠌ ᠂ ᠴᠤᠯᠮᠤᠨ ᠂ ᠰᠢᠥᠸᠠᠢ ᠯᠢᠶᠠᠨ ᠵᠡᠷᠭᠡ 11 ᠪᠠᠭᠰᠢ  ᠦᠵᠡᠭᠦᠯᠭᠡ ᠶᠢᠨ ᠬᠢᠴᠢᠶᠡᠯ ᠤᠷᠤᠵᠤ ᠂ ᠬᠤᠪᠢ ᠬᠦᠮᠦᠨ ᠦ ᠬᠢᠴᠢᠶᠡᠯᠯᠡᠬᠦ ᠤᠷ᠎ᠠ ᠮᠡᠷᠭᠡᠰᠢᠯ ᠦᠨ ᠲᠡᠭᠡᠭᠰᠢᠯᠡᠯᠳ᠋ᠡ ᠂ ᠬᠠᠮᠳ᠋ᠦ ᠨᠡᠢᠲᠡ ᠶᠢᠨ  ᠠᠬᠢᠯᠲᠠ ᠲᠠᠪᠰᠢᠯᠲᠠ ᠳ᠋ᠤ ᠴᠦ᠋ᠮ ᠲᠦ᠋ᠯᠬᠢᠴᠡ ᠦᠢᠯᠡᠳ᠋ᠦᠯ  ᠦᠵᠡᠬᠦᠯᠦᠭᠰᠡᠨ ᠪᠠᠢᠨ᠎ᠠ ᠃ ᠲᠤᠰ ᠰᠤᠷᠤᠯᠭ᠎ᠠ ᠶᠢᠨ ᠬᠤᠭᠤᠴᠠᠭᠠᠨ ᠳ᠋ᠦ  ᠵᠢᠭᠠᠬᠤ ᠶᠢ ᠰᠣᠳ᠋ᠤᠯᠬᠤ ᠲᠤᠭᠤᠢᠯᠠᠩ ᠵᠢᠴᠢ ᠰᠤᠷᠭᠠᠭᠤᠯᠢ ᠬᠡᠪᠴᠢᠶᠡᠨ ᠦ ᠦᠵᠡᠭᠦᠯᠭᠡ ᠶᠢᠨ ᠬᠢᠴᠢᠶᠡᠯ ᠪᠠ ᠨᠡᠬᠡᠬᠡᠯᠳ᠋ᠡ ᠲᠡᠢ ᠬᠢᠴᠢᠶᠡᠯ 130 ᠰᠢᠬᠠᠮ ᠬᠢᠴᠢᠶᠡᠯ ᠳ᠋ᠦ  ᠬᠦᠷᠴᠦ  ᠂ ᠬᠢᠴᠢᠶᠡᠯ ᠰᠤᠨ᠋ᠤᠰᠤᠭᠰᠠᠨ ᠤᠳ᠋ᠠᠭ᠎ᠠ ᠲᠣᠭ᠎ᠠ 1913 ᠬᠦᠮᠦᠨ ᠤᠳ᠋ᠠᠭ᠎ᠠ ᠳ᠋ᠤ ᠬᠦᠷᠴᠡᠢ ᠃

ᠪᠦᠬᠦ ᠬᠤᠰᠢᠭᠤᠨ ᠦ ᠲᠤᠰᠬᠠᠢ ᠮᠡᠷᠬᠡᠵᠢᠯᠳ᠋ᠡᠨ ᠦ ᠲᠤᠬᠠᠢᠯᠠᠭᠰᠠᠨ ᠠᠵᠢᠯ ᠤᠨ ᠪᠤᠯᠪᠠᠰᠤᠷᠠᠯ ᠳ᠋ᠤ 122 ᠪᠠᠭᠰᠢ ᠰᠦ᠋ᠯᠵᠢᠶᠡᠨ ᠰᠤᠷᠤᠯᠴᠠᠯᠭ᠎ᠠ ᠳ᠋ᠤ ᠤᠷᠤᠯᠴᠠᠵᠤ ᠂  ᠰᠢᠯᠭᠠᠯᠳ᠋ᠠ ᠳ᠋ᠤ 100% ᠪᠠᠷ ᠬᠢᠷᠢ ᠲᠡᠩᠴᠡᠵᠦ  ᠂ ᠪᠠᠭᠰᠢ ᠨᠠᠷ ᠤᠨ  ᠬᠠᠷᠠᠭ᠎ᠠ ᠪᠠᠨ ᠲᠡᠯᠡᠵᠦ ᠂ ᠮᠡᠳ᠋ᠡᠯᠭᠡ ᠪᠡᠨ ᠦᠷᠬᠡᠳᠬᠡᠬᠦ ᠳ᠋ᠦ ᠲᠦ᠋ᠯᠬᠢᠴᠡ ᠪᠤᠯᠤᠭᠰᠠᠨ ᠪᠠᠢᠨ᠎ᠠ ᠃

ᠭᠤᠷᠪᠠ ᠂  ᠬᠤᠰᠢᠭᠤᠨ ᠦ 《 ᠠᠷᠪᠠᠳ᠋ᠤᠭᠠᠷ ᠬᠤᠭᠤᠴᠠᠭᠠᠨ ᠦ ᠭᠤᠤᠯᠯᠠᠭᠴᠢ ᠪᠠᠭᠰᠢ ᠶᠢᠨ ᠰᠢᠯᠭᠠᠷᠠᠭᠤᠯᠤᠯᠳ᠋ᠠ  》 ᠳ᠋ᠤ 19  ᠪᠠᠭᠰᠢ ᠨᠡᠷ᠎ᠡ ᠮᠡᠳ᠋ᠡᠬᠦᠯᠵᠦ ᠂ ᠲᠠᠬᠢᠨ ᠦᠨ᠋ᠡᠯᠡᠯᠳ᠋ᠡ ᠳ᠋ᠦ 18 ᠪᠠᠭᠰᠢ ᠨᠡᠷ᠎ᠡ ᠮᠡᠳ᠋ᠡᠬᠦᠯᠦᠬᠡᠳ ᠪᠣᠢ ᠃ ᠪᠠᠭᠰᠢ ᠨᠠᠷ ᠤᠨ ᠣᠷᠣᠯᠳ᠋ᠤᠭᠠᠨ ᠮᠦ᠋ᠷᠦᠢᠴᠡᠬᠡᠨ ᠳ᠋ᠦ ᠬᠦᠳ᠋ᠡᠯᠦᠩᠭᠦᠢ ᠤᠷᠤᠯᠴᠠᠨ ᠂ ᠵᠢᠭᠠᠨ ᠰᠤᠷᠭᠠᠯᠳ᠋ᠠ ᠶᠢᠨ ᠦᠬᠡᠷᠡᠴᠢᠯᠡᠯᠳ᠋ᠡ ᠰᠤᠳ᠋ᠤᠯᠭᠠᠨ ᠢ ᠵᠤᠷᠢᠭᠳ᠋ᠠᠢ ᠦᠷᠨ᠋ᠢᠬᠦᠯᠬᠦ ᠶᠢ  ᠢᠳ᠋ᠡᠪᠬᠢᠲᠠᠢ ᠳᠡᠮᠵᠢᠨ ᠦᠷᠬᠦᠯᠵᠢᠯᠡᠨ ᠵᠤᠷᠢᠭᠵᠢᠭᠤᠯᠪᠠ ᠃

ᠲᠥ᠋ᠷᠪᠡ ᠂  ᠪᠠᠭᠰᠢ ᠨᠠᠷ ᠤᠨ ᠺᠣᠮᠫᠢᠦ᠋ᠲ᠋ᠦᠷ ᠂ ᠡᠯᠸᠺᠲ᠋ᠷᠤᠨ ᠰᠠᠮᠪᠠᠷ᠎ᠠ ᠵᠡᠷᠭᠡ ᠤᠳ᠋ᠤᠬᠢᠴᠢᠯᠠᠭᠰᠠᠨ ᠵᠢᠭᠠᠨ ᠰᠤᠷᠭᠠᠯᠳ᠋ᠠ ᠶᠢᠨ ᠪᠠᠭᠠᠵᠢ ᠬᠡᠷᠡᠭᠯᠡᠬᠦᠷ ᠢ ᠴᠢᠳ᠋ᠠᠮᠠᠭᠠᠢ ᠬᠡᠷᠡᠭᠯᠡᠵᠦ ᠵᠢᠭᠠᠨ ᠰᠤᠷᠭᠠᠯᠲᠠ ᠶᠢᠨ ᠦᠷ᠎ᠡ ᠠᠰᠢᠭ ᠢᠶᠡᠨ ᠤᠯᠠᠮ ᠨᠢᠭᠡ ᠠᠯᠬᠤᠮ ᠲᠡᠭᠡᠭᠰᠢᠯᠡᠬᠦᠯᠬᠦ ᠶᠢ ᠱᠠᠭᠠᠷᠳ᠋ᠠᠨ ᠂ ᠬᠢᠴᠢᠶᠡᠯᠯᠡᠭᠡ ᠶᠢᠨ ᠡᠬᠢ ᠪᠠᠶᠠᠯᠢᠭ ᠢ ᠠᠮᠢᠳ᠋ᠤᠯᠢᠭ ᠢᠶᠡᠷ ᠠᠰᠢᠭᠯᠠᠬᠤ ᠵᠡᠷᠬᠡ ᠲᠠᠯ᠎ᠠ ᠪᠠᠷ ᠠᠬᠢᠯᠲᠠ ᠲᠡᠢ ᠪᠠᠢᠯᠭᠠᠬᠤ ᠶᠢ ᠵᠤᠷᠢᠵᠤ ᠂ ᠪᠠᠭᠰᠢ ᠨᠢᠭᠡᠪᠦᠷᠢ ᠨᠢᠭᠡ ᠬᠤᠪᠢ ᠤᠯᠤᠰ ᠤᠨ ᠰᠢᠯᠭᠠᠯᠲᠠ ᠶᠢᠨ ᠰᠡᠳ᠋ᠦᠪ ᠦᠨ ᠪᠠᠷᠢᠮᠵᠢᠶ᠎ᠠ ᠶᠤᠰᠤᠭᠠᠷ ᠪᠠᠷᠯᠠᠭᠰᠠᠨ ᠡᠯᠸᠺᠲ᠋ᠷᠤᠨ ᠪᠠᠷ ᠤᠨ ᠰᠢᠯᠭᠠᠯᠲᠠ ᠶᠢᠨ ᠰᠡᠳ᠋ᠦᠪ  ᠢᠶᠡᠨ ᠰᠡᠳ᠋ᠦᠪ ᠦᠨ ᠬᠦᠮᠦᠷᠬᠡ ᠳ᠋ᠦ ᠦᠭ᠍ᠬᠦ ᠶᠢ ᠱᠠᠭᠠᠷᠳ᠋ᠠᠨ ᠂ ᠨᠡᠢᠲᠡ 78 ᠬᠤᠪᠢ ᠰᠢᠯᠭᠠᠯᠲᠠ ᠶᠢᠨ ᠰᠡᠳ᠋ᠦᠪ ᠢ ᠬᠦᠮᠦᠷᠬᠡᠯᠡᠨ ᠪᠠᠭᠰᠢ ᠨᠠᠷ ᠤᠨ ᠲᠠᠷᠠᠭᠠᠴᠢ ᠶᠢᠨ ᠵᠢᠭᠠᠨ ᠰᠤᠷᠭᠠᠯᠳ᠋ᠠ ᠶᠢᠨ ᠠᠰᠢᠭᠯᠠᠯᠲᠠ ᠳ᠋ᠤ ᠪᠡᠯᠡᠳᠬᠡᠭᠰᠡᠨ ᠪᠠᠢᠨ᠎ᠠ ᠃ ᠤᠳ᠋ᠤᠬᠢᠴᠢᠯᠠᠭᠰᠠᠨ ᠵᠢᠭᠠᠨ ᠰᠤᠷᠭᠠᠯᠳ᠋ᠠ ᠶᠢᠨ ᠮᠡᠷᠭᠡᠰᠢᠯ ᠴᠢᠳ᠋ᠠᠪᠤᠷᠢ ᠪᠠᠨ ᠲᠠᠰᠤᠷᠠᠯᠳ᠋ᠠ ᠦᠬᠡᠢ ᠲᠡᠭᠡᠭᠰᠢᠯᠡᠬᠦᠯᠵᠥ ᠂ ᠵᠢᠭᠠᠨ ᠰᠤᠷᠭᠠᠯᠳ᠋ᠠ ᠶᠢᠨ ᠦᠷ᠎ᠠ ᠠᠰᠢᠭᠳ᠋ᠤ ᠴᠢᠨ᠋ᠠᠷ ᠢᠶᠡᠨ ᠲᠡᠭᠡᠭᠰᠢᠯᠡᠬᠦᠯᠬᠦ ᠶᠢ ᠱᠠᠭᠠᠷᠳ᠋ᠠᠨ ᠲᠤᠰ ᠰᠤᠷᠤᠯᠭ᠎ᠠ ᠶᠢᠨ ᠬᠤᠭᠤᠴᠠᠭᠠᠨ ᠳ᠋ᠦ ᠰᠢᠨ᠎ᠡ ᠪᠠᠷ ᠠᠰᠢᠭᠯᠠᠯᠳ᠋ᠠ ᠳ᠋ᠤ ᠤᠷᠤᠭᠰᠠᠨ ᠰᠢᠩᠭᠡᠭᠡᠨ ᠨᠡᠪᠲᠡᠷᠡᠭᠦᠯᠬᠦ ᠬᠢᠴᠢᠶᠡᠯᠯᠡᠭᠡ ᠶᠢᠨ ᠦᠷᠦᠭᠡ ᠳ᠋ᠦ ᠨᠡᠢᠲᠡ 40 ᠭᠠᠷᠤᠢ ᠨᠡᠬᠡᠬᠡᠯᠳ᠋ᠡ ᠲᠡᠢ ᠬᠢᠴᠢᠶᠡᠯ ᠤᠷᠤᠭᠤᠯᠤᠨ ᠰᠢᠩᠭᠡᠭᠡᠯᠳ᠋ᠡ ᠬᠢᠵᠦ  ᠂ ᠬᠠᠮᠳ᠋ᠤᠪᠠᠷ ᠠᠰᠢᠭᠯᠠᠬᠤ ᠡᠬᠢ ᠪᠠᠶᠠᠯᠢᠭ ᠢ ᠬᠤᠷᠠᠮᠳ᠋ᠤᠭᠤᠯᠤᠭᠰᠠᠨ ᠪᠠᠢᠨ᠎ᠠ ᠃

ᠲᠠᠪᠥ ᠂  ᠰᠤᠷᠭᠠᠨ ᠬᠦᠮᠦᠵᠢᠯ ᠦᠨ ᠬᠡᠪᠯᠡᠯ ᠦᠨ ᠬᠣᠷᠢᠶ᠎ᠠ ᠠ᠋ᠴᠠ ᠮᠠᠨ ᠦ ᠰᠤᠷᠭᠠᠭᠤᠯᠢ ᠶᠢᠨ  ᠬᠠᠰᠠᠦ᠋ᠯᠵᠠᠢ ᠂ ᠦᠯᠵᠡᠢᠨ᠋ᠠᠷᠠᠨ ᠂ ᠪᠢᠯᠢᠬᠦᠨᠳ᠋ᠠᠯᠠᠢ ᠭᠤᠷᠪᠠᠨ ᠪᠠᠭᠰᠢ ᠶᠢᠨ ᠪᠤᠳ᠋ᠠᠲᠠᠢ ᠬᠢᠴᠢᠶᠡᠯᠡᠯᠡᠭᠡ ᠶᠢ   ᠰᠢᠩᠭᠡᠬᠦ ᠲᠠᠰᠢᠷᠠᠮ ᠳ᠋ᠦ ᠴᠠᠭᠠᠨᠮᠦ᠋ᠷᠡᠨ ᠪᠠᠭ᠎ᠠ ᠰᠤᠷᠭᠠᠭᠤᠯᠢ ᠶᠢᠨ ᠬᠡᠯᠡ ᠪᠢᠴᠢᠭ᠌ ᠦᠨ ᠪᠠᠭᠰᠢ ᠨᠠᠷ ᠬᠠᠰᠠᠦ᠋ᠯᠵᠠᠢ ᠂ ᠦᠯᠵᠡᠢᠨ᠋ᠠᠷᠠᠨ ᠂ ᠪᠢᠯᠢᠬᠦᠨᠳ᠋ᠠᠯᠠᠢ ᠂ ᠴᠤᠯᠮᠤᠨ ᠵᠡᠷᠭᠡ 4 ᠪᠠᠭᠰᠢ ᠶᠢᠨ ᠲᠠᠭᠤᠷᠢᠶᠠᠯ ᠬᠢᠴᠢᠶᠡᠯ ᠢ ᠰᠤᠨ᠋ᠤᠰᠴᠦ ᠰᠤᠷᠤᠯᠴᠠᠨ ᠂ ᠤᠯᠠᠭᠠᠨᠬᠠᠲᠠ  ᠬᠤᠲᠠ ᠶᠢᠨ ᠮᠤᠩᠭᠤᠯ ᠢᠶᠡᠷ ᠬᠢᠴᠢᠶᠡᠯᠯᠡᠬᠦ ᠳᠡᠭᠡᠲᠦ ᠲᠤᠮᠳ᠋ᠠᠳ᠋ᠤ ᠰᠤᠷᠭᠠᠭᠤᠯᠢ ᠶᠢᠨ 《 ᠡᠯ᠎ᠡ ᠬᠢᠴᠢᠶᠡᠯ ᠲᠦ᠋ᠷᠦᠯ ᠦᠨ ᠪᠠᠭᠰᠢ ᠨᠠᠷ ᠤᠨ ᠤᠯᠤᠰ ᠤᠨ ᠰᠢᠯᠠᠭᠠᠯᠲᠠ ᠶᠢᠨ ᠰᠡᠳ᠋ᠦᠪ ᠢ ᠵᠠᠳ᠋ᠠᠯᠵᠦ ᠰᠤᠳ᠋ᠤᠯᠤᠨ ᠂ 16 ᠤᠨ ᠦ ᠳᠡᠭᠡᠲᠦ ᠰᠢᠯᠭᠠᠯᠲᠠ ᠶᠢᠨ ᠪᠡᠯᠡᠳᠬᠡᠯ ᠢ ᠪᠦᠲᠦᠮᠵᠢᠲᠠᠢ ᠵᠢᠯᠤᠭᠤᠳᠬᠤ ᠪᠤᠯᠪᠠᠰᠤᠷᠠᠯ 》 ᠳ᠋ᠦ ᠴᠤᠯᠮᠤᠨ ᠡᠷᠬᠢᠯᠡᠭᠴᠢ ᠠ᠋ᠴᠠ 《 ᠬᠢᠴᠢᠶᠡᠯᠯᠡᠬᠡ ᠶᠢᠨ ᠦᠬᠡᠷᠡᠴᠢᠯᠡᠯᠳ᠋ᠡ ᠶᠢᠨ ᠭᠤᠷᠮᠤᠰᠤᠨ ᠠᠵᠢᠯᠯᠠᠭ᠎ᠠ 》  ᠬᠡᠬᠦ ᠰᠡᠳ᠋ᠦᠪ ᠢᠶᠡᠷ  ᠰᠤᠷᠭᠠᠭᠤᠯᠢ ᠶᠢᠨ ᠬᠢᠴᠢᠶᠡᠯᠯᠡᠬᠡ ᠶᠢᠨ ᠦᠬᠡᠷᠡᠴᠢᠯᠡᠯᠳ᠋ᠡ ᠶᠢᠨ ᠬᠠᠢᠯᠲᠠ ᠰᠦ᠋ᠪᠡᠭᠴᠢᠯᠡᠯ ᠦᠨ ᠲᠤᠷᠰᠢᠯᠭ᠎ᠠ  ᠪᠠᠨ ᠲᠠᠨ᠋ᠢᠯᠴᠠᠭᠤᠯᠤᠨ ᠂ ᠤᠷᠠᠨᠰᠤᠳ᠋ᠤ ᠪᠠᠭᠰᠢ ᠠ᠋ᠴᠠ 《 ᠰᠤᠷᠤᠯᠴᠠᠯᠭ᠎ᠠ ᠰᠣᠳ᠋ᠣᠯᠭᠠᠨ ᠢ ᠡᠷᠬᠢᠮᠡᠯᠡᠶ᠎ᠡ 》 ᠬᠡᠬᠦ ᠰᠡᠳ᠋ᠦᠪ ᠢᠶᠡᠷ ᠲᠡᠭᠡᠳ᠋ᠦ ᠭᠤᠷᠪᠠ ᠶᠢᠨ ᠬᠡᠯᠡ ᠪᠢᠴᠢᠭ᠌ ᠦᠨ ᠬᠢᠴᠢᠶᠡᠯ ᠤᠨ ᠲᠠᠪᠳ᠋ᠠᠯᠭ᠎ᠠ ᠶᠢ ᠵᠢᠯᠤᠭᠤᠳᠬᠤ ᠲᠤᠬᠠᠢ ᠲᠤᠷᠰᠢᠯᠭ᠎ᠠ ᠲᠠᠨ᠋ᠢᠯᠴᠠᠭᠤᠯᠤᠭᠰᠠᠨ ᠪᠦᠬᠡᠳ ᠲᠤᠰ ᠰᠤᠷᠤᠯᠭ᠎ᠠ ᠶᠢᠨ ᠬᠤᠭᠤᠴᠠᠭᠠᠨ ᠳ᠋ᠤ 3 ᠪᠠᠭᠰᠢ ᠰᠤᠷᠭᠠᠨ ᠬᠦᠮᠦᠵᠢᠯ ᠦᠨ ᠬᠡᠪᠯᠡᠯ ᠦᠨ  ᠬᠣᠷᠢᠶ᠎ᠠ ᠶᠢᠨ ᠤᠷᠢᠯᠭ᠎ᠠ ᠪᠠᠷ ᠰᠤᠷᠬᠤ ᠪᠢᠴᠢᠭ᠌ ᠬᠢᠨ᠋ᠠᠬᠤ ᠠᠵᠢᠯ ᠳ᠋ᠤ ᠤᠷᠤᠯᠴᠠᠵᠤ ᠂ 2 ᠪᠠᠭᠰᠢ ᠤᠯᠠᠭᠠᠨᠬᠠᠲᠠ ᠲᠡᠭᠡᠳ᠋ᠦ ᠰᠤᠷᠭᠠᠭᠤᠯᠢ ᠶᠢᠨ 《 ᠰᠢᠷ᠎ᠠ ᠮᠦ᠋ᠷᠡᠨ ᠰᠤᠶᠤᠯ ᠰᠤᠳ᠋ᠤᠯᠤᠯ ᠤᠨ ᠬᠦᠷᠢᠶᠡᠯᠡᠩ ᠪᠠᠢᠭᠤᠯᠤᠭᠳ᠋ᠠᠭᠰᠠᠨ ᠰᠢᠷᠢᠰ ᠠᠵᠢᠯᠯᠠᠭᠠᠨ ᠦ ᠶᠤᠰᠤᠯᠠᠯ 》 ᠳ᠋ᠤ ᠤᠷᠠᠨ ᠣᠩᠰᠢᠯᠭ᠎ᠠ ᠶᠢᠨ ᠰᠤᠷᠤᠭᠴᠢ ᠶᠢ ᠲᠠᠭᠠᠭᠤᠯᠤᠨ ᠤᠷᠤᠯᠴᠠᠵᠤ  ᠂ 1 ᠪᠠᠭᠰᠢ ᠤᠷᠤᠨ ᠦ ᠦᠨᠳ᠋ᠦᠰᠦᠨ ᠴᠢᠳ᠋ᠠᠪᠤᠷᠢ ᠶᠢᠨ ᠮᠦ᠋ᠷᠦᠢᠴᠡᠬᠡᠨ ᠦ ᠬᠢᠨ᠋ᠠᠭᠴᠢ ᠪᠠᠷ ᠤᠷᠢᠭᠳ᠋ᠠᠭᠰᠠᠨ ᠪᠠᠢᠨ᠎ᠠ ᠃

ᠵᠢᠷᠭᠤᠭ᠎ᠠ ᠂ ᠬᠡᠪᠯᠡᠨ ᠳᠠᠷᠤᠮᠠᠯᠯᠠᠬᠤ ᠲᠠᠰᠣᠭ ᠨᠢ ᠲᠤᠳ᠋ᠤᠭᠠᠳ᠋ᠦ ᠬᠠᠮᠢᠶᠠᠷᠤᠯᠳ᠋ᠠ ᠪᠠᠨ ᠴᠢᠩᠭᠠᠳᠬᠠᠨ ᠲᠥ᠋ᠷᠢᠮ ᠲᠤᠭᠳ᠋ᠠᠭᠠᠯ ᠢᠶᠡᠨ ᠲᠡᠭᠦᠯᠳ᠋ᠡᠷᠵᠢᠬᠦᠯᠵᠥ ᠵᠢᠭᠠᠨ ᠰᠤᠷᠭᠠᠯᠲᠠ ᠶᠢᠨ ᠠᠵᠢᠯ ᠳ᠋ᠤ ᠰᠢᠯᠢᠳ᠋ᠡᠭ᠌ ᠰᠠᠢᠨ ᠦᠢᠯᠡᠴᠢᠯᠡᠬᠡᠨ ᠬᠠᠩᠭᠠᠬᠤ ᠪᠠᠷ ᠠᠵᠢᠯ ᠤᠨ ᠬᠠᠷᠠᠯᠲᠠ ᠪᠤᠯᠭᠠᠨ ᠂ ᠰᠡᠳ᠋ᠦᠪ ᠪᠤᠯᠪᠠᠰᠤᠷᠠᠯ  ᠂ ᠰᠢᠯᠭᠠᠯᠳ᠋ᠠ ᠶᠢᠨ ᠰᠡᠳ᠋ᠦᠪ ᠳᠠᠷᠤᠮᠠᠯᠯᠠᠨ ᠲᠡᠪᠳ᠋ᠡᠷᠯᠡᠬᠦ ᠠᠵᠢᠯ ᠢ ᠡᠷᠴᠢᠮᠳ᠋ᠠᠢ ᠬᠦᠢᠴᠡᠳᠬᠡᠵᠤ ᠂ ᠲᠤᠰ ᠰᠤᠷᠤᠯᠭ᠎ᠠ ᠶᠢᠨ ᠬᠤᠭᠤᠴᠠᠭᠠᠨ ᠳ᠋ᠤ ᠪᠠᠭᠰᠢ ᠨᠠᠷ ᠤᠨ ᠭᠠᠳ᠋ᠠᠭᠰᠢ ᠭᠠᠷᠴᠦ ᠰᠤᠷᠤᠯᠴᠠᠭᠰᠠᠨ ᠬᠠᠷᠢᠭᠤ ᠮᠡᠳ᠋ᠡᠭᠦᠯᠦᠯᠳ᠋ᠡ ᠶᠢᠨ ᠡᠮᠬᠢᠳᠬᠡᠯ ᠨᠢᠭᠡ ᠲᠡᠪᠳ᠋ᠡᠷ ᠂ ᠰᠠᠭᠤᠷᠢ ᠣᠨ ᠦ ᠬᠤᠭᠤᠴᠠᠭᠠᠨ ᠳᠤᠮᠲᠠ ᠂ ᠬᠤᠭᠤᠴᠠᠭᠠᠨ ᠡᠴᠦᠰ ᠦᠨ ᠰᠢᠯᠭᠠᠯᠲᠠ ᠶᠢᠨ ᠰᠡᠳ᠋ᠦᠪ ᠦᠨ ᠡᠮᠬᠢᠳᠬᠡᠯ 4 ᠲᠡᠪᠳ᠋ᠡᠷ ᠂  ᠲᠡᠭᠡᠳ᠋ᠦ ᠨᠢᠭᠡ ᠶᠢᠨ ᠰᠤᠷᠤᠭᠴᠢ ᠶᠢᠨ ᠤᠩᠰᠢᠭᠣ ᠂ ᠡᠯ᠎ᠡ ᠬᠢᠴᠢᠶᠡᠯ ᠲᠦ᠋ᠷᠥᠯ ᠦᠨ ᠵᠡᠷᠬᠡᠴᠡᠬᠡ  ᠪᠤᠯᠪᠠᠰᠤᠷᠠᠯ ᠂ ᠲᠡᠭᠡᠳ᠋ᠦ ᠭᠤᠷᠪᠠ ᠶᠢᠨ ᠰᠤᠷᠤᠭᠴᠢᠳ ᠲᠦ ᠵᠤᠷᠢᠭᠤᠯᠤᠭᠰᠠᠨ ᠶᠡᠷᠦᠩᠬᠡᠢ ᠲᠠᠪᠳ᠋ᠠᠯᠭ᠎ᠠ ᠶᠢᠨ ᠰᠡᠳ᠋ᠦᠪ ᠵᠡᠷᠭᠡ ᠶᠢ 7000 ᠭᠠᠷᠤᠢ ᠲᠡᠪᠳ᠋ᠡᠷ ᠲᠠᠪᠳ᠋ᠠᠷᠯᠠᠨ ᠵᠢᠭᠠᠨ ᠰᠤᠷᠭᠠᠯᠳ᠋ᠠ ᠶᠢᠨ ᠠᠵᠢᠯ ᠳ᠋ᠤ ᠲᠥ᠋ᠭᠦᠮ ᠦᠵᠬᠦᠯᠦᠭᠰᠡᠨ ᠪᠦᠬᠡᠳ ᠰᠤᠷᠭᠠᠭᠤᠯᠢ ᠶᠢᠨ ᠠᠯᠪᠠᠨ ᠵᠠᠷᠤᠳ᠋ᠠᠯ ᠢ 15164.29 ᠲᠦ᠋ᠬᠦᠷᠢᠭ᠌ ᠠᠷᠪᠢᠯᠠᠵᠤ ᠦᠭ᠍ᠬᠦᠭᠰᠡᠨ ᠪᠠᠢᠨ᠎ᠠ ᠃

  ᠵᠠᠯᠠᠭᠤ ᠪᠠᠭᠰᠢ ᠶᠢ ᠲᠠᠭᠠᠭᠤᠯᠤᠨ ᠬᠦᠮᠦᠵᠢᠬᠦᠯᠬᠦ ᠠᠵᠢᠯ ᠳ᠋ᠤ ᠭᠣᠣᠯ ᠬᠦᠴᠦᠨ ᠢᠶᠡᠨ ᠲᠠᠯᠪᠢᠵᠤ ᠂ ᠠᠬᠠᠮᠠᠳ ᠢᠳ᠋ᠡᠷ ᠪᠠᠭᠰᠢ ᠨᠠᠷ ᠤᠨ ᠮᠡᠳ᠋ᠡᠯᠬᠡ ᠮᠡᠷᠬᠡᠰᠢᠯ ᠦᠨ ᠲᠡᠭᠡᠭᠰᠢᠯᠡᠯᠳ᠋ᠡ ᠶᠢᠨ ᠪᠤᠯᠪᠠᠰᠤᠷᠠᠯ ᠢ ᠡᠷᠬᠢᠯᠡᠭᠰᠡᠨ ᠢᠶᠡᠷ ᠲᠤᠳ᠋ᠠᠮᠠᠭ ᠂ 《 ᠬᠢᠴᠢᠶᠡᠯ ᠦᠨ ᠪᠠᠷᠢᠮᠵᠢᠶ᠎ᠠ 》 ᠶᠢ ᠰᠤᠷᠤᠯᠴᠠᠭᠰᠠᠨ ᠪᠠᠢᠳ᠋ᠠᠯ ᠢ ᠮᠦ᠋ᠷᠳ᠋ᠡᠨ ᠱᠠᠭᠠᠷᠳ᠋ᠠᠭᠰᠠᠨ ᠢᠶᠡᠷ ᠬᠦᠷᠦᠯᠴᠡᠬᠦ ᠦᠬᠡᠢ ᠵᠡᠷᠭᠡ  ᠠᠵᠢᠯ ᠤᠨ ᠲᠦ᠋ᠰᠦᠪ ᠲᠦ ᠲᠤᠷᠠᠳ᠋ᠤᠭᠰᠠᠨ ᠵᠠᠷᠢᠮ ᠠᠵᠢᠯ ᠢ ᠴᠢᠨ᠋ᠠᠷᠯᠢᠭ ᠪᠡᠶᠡᠯᠡᠬᠦᠯᠦᠭᠰᠡᠨ ᠦᠬᠡᠢ ᠠᠰᠠᠭᠤᠳ᠋ᠠᠯ ᠤᠷᠤᠰᠢᠵᠤ ᠪᠠᠢᠭ᠎ᠠ ᠶᠢ ᠲᠠᠷᠠᠭᠠᠴᠢ ᠶᠢᠨ ᠠᠵᠢᠯ ᠤᠨ ᠶᠠᠪᠤᠴᠠ ᠳ᠋ᠤ ᠴᠢᠷᠮᠠᠢᠨ ᠪᠡᠶᠡᠯᠡᠬᠦᠯᠵᠥ ᠲᠡᠬᠦᠯᠳ᠋ᠡᠷᠵᠢᠬᠦᠯᠬᠦ ᠪᠤᠯᠣᠨ᠎ᠠ ᠃ ᠪᠠᠭᠰᠢ ᠨᠠᠷ ᠤᠨ ᠢᠯᠡᠬᠦᠬᠡᠨ ᠬᠢᠨ᠋ᠠᠯᠳ᠋ᠠ ᠲᠠᠯᠪᠢᠵᠤ ᠂ ᠰᠠᠨ᠋ᠠᠯ ᠰᠠᠨ᠋ᠠᠭᠤᠯᠭ᠎ᠠ ᠂ ᠡᠷᠬᠢᠮ ᠨᠠᠨᠳ᠋ᠢᠨ ᠰᠠᠨ᠋ᠠᠯ ᠵᠦ᠋ᠪᠯᠡᠯᠭᠡ ᠥᠭ᠍ᠬᠦ ᠶᠢ ᠬᠦᠰᠡᠵᠦ ᠪᠠᠢᠨ᠎ᠠ ᠃ ᠴᠠᠭ ᠲᠤᠬᠠᠢ ᠳ᠋ᠤ ᠨᠢ  ᠪᠦᠷᠢᠳᠬᠡᠨ ᠳ᠋ᠦ᠋ᠩᠨ᠋ᠡᠵᠦ ᠠᠮᠵᠢᠭᠰᠠᠨ ᠦᠬᠡᠢ ᠪᠤᠶᠤ ᠬᠢᠨ᠋ᠠᠮᠠᠭᠠᠢ ᠪᠣᠰᠤ ᠡᠴᠡ ᠪᠤᠯᠵᠦ ᠂ ᠤᠷᠬᠢᠭᠳ᠋ᠠᠭᠤᠯᠤᠭᠰᠠᠨ ᠵᠤᠢᠯ ᠪᠠᠢᠭ᠎ᠠ ᠪᠣᠯ ᠬᠤᠷᠠᠯ ᠤᠨ ᠲᠠᠷᠠᠭ᠎ᠠ ᠮᠠᠨ ᠳ᠋ᠤ ᠮᠡᠳ᠋ᠡᠭ᠍ᠳ᠋ᠡᠬᠦ  ᠪᠤᠯᠪᠠ ᠤ᠋ᠤ ︕  

   2016 ᠣᠨ ᠦ 01 ᠰᠠᠷ᠎ᠠ ᠶᠢᠨ 18

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号