123456 0476-6223398
ᠵᠢᠭᠠᠨ ᠰᠤᠷᠭᠠᠯᠲᠠ ᠬᠢᠴᠢᠶᠡᠯ ᠬᠦᠮᠦᠵᠢᠯ
ᠬᠢᠴᠢᠶᠠᠯ ᠡᠷᠬᠢᠯᠡᠬᠦ ᠭᠠᠵᠠᠷ ᠤᠨ ᠠᠵᠢᠯ ᠤᠨ ᠳ᠋ᠦ᠋ᠩᠨ᠋ᠡᠯᠳ᠋ᠠ
2016.08.18 ᠲᠣᠰ ᠥᠷᠲᠡᠭᠡᠨ ᠦ ᠨᠠᠢᠷᠠᠭᠤᠯᠤᠭᠴᠢ

2015~2016 ᠰᠤᠷᠬᠤ ᠤᠨ ᠦ ᠲᠡᠭᠡᠳ᠋ᠤ ᠬᠤᠭᠤᠴᠠᠭᠠᠨ ᠦ ᠬᠢᠴᠢᠶᠠᠯ ᠡᠷᠬᠢᠯᠡᠬᠦ ᠭᠠᠵᠠᠷ ᠤᠨ ᠠᠵᠢᠯ ᠤᠨ ᠳ᠋ᠦ᠋ᠩᠨ᠋ᠡᠯᠳ᠋ᠠ

 

ᠲᠤᠰ ᠬᠤᠭᠤᠴᠠᠭᠠᠨ ᠳᠤ ᠬᠢᠴᠢᠶᠠᠯ ᠡᠷᠬᠢᠯᠡᠬᠦ ᠭᠠᠵᠠᠷ ᠲᠣ ᠬᠤᠶᠠᠷ ᠡᠷᠬᠢᠯᠡᠭᠴᠢ ᠂  ᠭᠤᠷᠪᠠᠨ ᠠᠵᠢᠯᠯᠠᠭᠴᠢ ᠨᠠᠷ 《 ᠦᠢᠯᠡᠴᠢᠯᠡᠭᠡ ᠂  ᠵᠤᠬᠢᠴᠠᠭᠤᠯᠭ᠎ᠠ ᠂  ᠬᠠᠮᠢᠶᠠᠷᠤᠯᠳ᠋ᠠ 》  ᠶᠢᠨ ᠴᠢᠭᠯᠡᠯ ᠢᠶᠡᠷ ᠵᠢᠭᠠᠨ ᠰᠤᠷᠭᠠᠯᠳ᠋ᠠ ᠶᠢᠨ ᠠᠵᠢᠯ ᠳᠤ ᠰᠤᠷᠭᠠᠭᠤᠯᠢ ᠠ᠋ᠴᠠ ᠲᠠᠭᠠᠯᠭᠠᠭᠰᠠᠨ ᠡᠬᠦᠷᠭᠡ ᠂ ᠬᠤᠪᠢᠶᠠᠷᠢᠯᠠᠭᠰᠠᠨ ᠬᠢᠳ᠋ᠠᠯ ᠢ ᠴᠢᠷᠮᠠᠢᠨ ᠪᠡᠶᠡᠯᠡᠬᠦᠯᠵᠤ ᠢᠷᠡᠪᠡ ᠃

 ᠨᠢᠭᠡ ᠂  ᠵᠢᠭᠠᠨ ᠰᠤᠷᠭᠠᠯᠳ᠋ᠠ ᠶᠢᠨ ᠬᠡᠪ ᠤᠨ ᠲᠦ᠋ᠷᠢᠮᠵᠢᠯ  ᠤᠨ ᠠᠵᠢᠯ ᠳ᠋ᠥ

1. ᠬᠢᠴᠢᠶᠡᠯᠯᠡᠭ᠍ᠰᠡᠨ ᠡᠳ᠋ᠦᠷ ᠤᠨ ᠲᠡᠮᠳ᠋ᠡᠭᠯᠡᠯ ᠂ ᠬᠢᠴᠢᠶᠠᠯ ᠤᠨ ᠲᠤᠬᠢᠷᠠᠭᠤᠯᠤᠯᠳ᠋ᠠ ᠂  ᠬᠢᠴᠢᠶᠡᠯᠯᠡᠭᠡ ᠶᠢᠨ ᠲᠦ᠋ᠷᠢᠮᠵᠢᠯ ᠢ ᠴᠢᠩᠭᠠᠳᠬᠠᠬᠤ ᠠᠵᠢᠯ ᠢ ᠰᠠᠢᠳ᠋ᠤᠷ ᠬᠢᠵᠤ ᠢᠷᠡᠪᠡ ᠃  ᠲᠤᠰ ᠬᠤᠭᠤᠴᠠᠭᠠᠨ ᠦ ᠪᠠᠭᠰᠢ ᠨᠠᠷ ᠤᠨ ᠠᠵᠢᠯᠯᠠᠭᠰᠠᠨ ᠡᠳ᠋ᠦᠷ 99 ᠂ ᠰᠤᠷᠤᠭᠴᠢ ᠶᠢᠨ ᠬᠢᠴᠢᠶᠡᠯᠯᠡᠭ᠍ᠰᠡᠨ ᠡᠳ᠋ᠦᠷ 115 (  ᠭᠠᠷᠠᠭ ᠤᠨ ᠵᠢᠷᠭᠤᠭᠠᠨ ᠦ 16 ᠡᠳ᠋ᠦᠷ ᠪᠠᠭᠳ᠋ᠠᠨ᠎ᠠ )  ᠂  ᠰᠢᠯᠭᠠᠯᠳ᠋ᠠ ᠬᠢᠭ᠍ᠰᠡᠨ 4 ᠡᠳ᠋ᠦᠷ ᠃ ᠡᠩ ᠤᠨ ᠬᠢᠴᠢᠶᠡᠯᠯᠡᠭ᠍ᠰᠡᠨ ᠡᠳ᠋ᠦᠷ 92 ᠃  ᠬᠢᠴᠢᠶᠠᠯ ᠲᠠᠪᠳ᠋ᠠᠯᠭ᠎ᠠ ᠶᠢᠨ ᠲᠦ᠋ᠷᠢᠮᠵᠢᠯ ᠤᠨ ᠪᠠᠢᠴᠠᠭᠠᠯᠳ᠋ᠠ ᠶᠢ ᠲᠤᠯᠤᠭ᠎ᠠ ᠬᠢᠵᠤ ᠤᠷᠤᠰᠢᠵᠤ ᠪᠠᠢᠭ᠎ᠠ ᠠᠰᠠᠭᠤᠳ᠋ᠠᠯ ᠢ ᠲᠤᠬᠠᠢ ᠶᠢᠨ ᠬᠢᠴᠢᠶᠠᠯ ᠤᠨ ᠪᠠᠭᠰᠢ ᠲᠣ ᠤᠳ᠋ᠠᠰᠤ ᠪᠤᠶᠤ ᠰᠦ᠋ᠯᠵᠢᠶ᠎ᠠ ᠪᠠᠷ ᠮᠡᠳ᠋ᠡᠭ᠍ᠳ᠋ᠡᠪᠠ ᠃

2. ᠬᠢᠴᠢᠶᠠᠯ ᠤᠨ ᠪᠢᠴᠢᠭ᠌ ᠵᠠᠬᠢᠶᠠᠯᠠᠬᠤ ᠂  ᠲᠠᠰᠬᠠᠯ ᠤᠨ ᠲᠡᠪᠳ᠋ᠡᠷ ᠵᠠᠬᠢᠶᠠᠯᠠᠬᠤ ᠂  ᠵᠡᠷᠭᠡᠴᠡᠭᠡ ᠪᠤᠯᠪᠠᠰᠤᠷᠠᠯ ᠵᠠᠬᠢᠶᠠᠯᠠᠬᠤ ᠠᠵᠢᠯ ᠢ ᠴᠠᠭ ᠲᠤᠬᠠᠢ ᠳᠤ ᠨᠢ ᠬᠢᠵᠤ ᠢᠷᠡᠪᠡ ᠃  ᠵᠡᠷᠭᠡᠴᠡᠭᠡ ᠪᠤᠯᠪᠠᠰᠤᠷᠠᠯ ᠵᠠᠬᠢᠶᠠᠯᠠᠬᠤ ᠳᠤ ᠪᠠᠭᠰᠢ ᠨᠠᠷ ᠠ᠋ᠴᠠ 《 ᠠᠯᠳ᠋ᠠᠨ ᠤᠨ᠋ᠠᠭ᠎ᠠ 》  ᠪᠤᠯᠪᠠᠰᠤᠷᠠᠯ ᠬᠡᠷᠡᠭᠯᠡᠬᠦ ᠲᠤᠬᠠᠢ ᠰᠠᠨ᠋ᠠᠯ ᠢ ᠠᠪᠴᠤ ᠵᠠᠬᠢᠶᠠᠯᠠᠭᠰᠠᠨ ᠪᠦᠭᠡᠳ ᠵᠠᠬᠢᠶᠠᠯᠠᠭ᠎ᠠ ᠶᠢᠨ ᠮᠦ᠋ᠩᠬᠦ ᠂ ᠦᠯᠡᠳ᠋ᠡᠪᠤᠷᠢ ᠮᠦ᠋ᠩᠬᠦ ᠶᠢ  ᠰᠤᠷᠤᠭᠴᠢᠳ ᠲᠣ ᠴᠠᠭ ᠲᠤᠬᠠᠢ ᠳᠤ ᠨᠢ ᠴᠠᠢᠷᠠᠭᠤᠯᠤᠨ ᠪᠤᠳ᠋ᠤᠵᠤ ᠦᠭᠪᠠ ᠃

3. ᠬᠢᠴᠢᠶᠡᠯᠯᠡᠭᠡ ᠶᠢᠨ ᠡᠳ᠋ᠦᠷ ᠂ ᠬᠢᠴᠢᠶᠠᠯ ᠤᠨ ᠲᠤᠭ᠎ᠠ ᠶᠢ ᠪᠠᠷᠢᠮᠵᠢᠶᠠᠨ ᠳᠤ ᠬᠦᠷᠭᠡᠬᠦ ᠶᠢ ᠠᠩᠬᠠᠷᠴᠤ ᠂  ᠬᠢᠴᠢᠶᠠᠯ ᠂ ᠲᠠᠪᠳ᠋ᠠᠯᠭ᠎ᠠ ᠂ ᠦᠢᠯᠡᠳ᠋ᠦᠯᠭᠡ ᠂ ᠬᠦᠳ᠋ᠡᠯᠭᠡᠭᠡᠨ ᠢ ᠵᠤᠬᠢᠴᠠᠯᠳ᠋ᠤᠭ᠎ᠠ ᠶᠢ ᠪᠠᠳ᠋ᠤᠯᠠᠵᠤ ᠢᠷᠡᠪᠡ ᠃ ᠰᠤᠷᠤᠯᠭ᠎ᠠ ᠶᠢᠨ ᠬᠡᠰᠢᠬᠦᠨ ᠦ ᠬᠤᠷᠠᠯ ᠢ ᠲᠦ᠋ᠷᠪᠡ ᠤᠳ᠋ᠠᠭ᠎ᠠ ᠬᠢᠵᠤ ᠬᠢᠴᠢᠶᠡᠯ ᠂ ᠬᠢᠴᠢᠶᠡᠯᠯᠡᠭᠴᠢ ᠪᠠᠭᠰᠢ ᠶᠢᠨ ᠪᠠᠢᠳ᠋ᠠᠯ ᠶᠢᠨ ᠤᠢᠯᠠᠭᠠᠭᠰᠠᠨ ᠪᠦᠭᠡᠳ ᠬᠢᠴᠢᠶᠡᠯᠯᠡᠭᠴᠢ ᠪᠠᠭᠰᠢ ᠨᠠᠷ ᠤᠨ ᠭᠠᠷᠠᠭ ᠤᠨ ᠬᠢᠴᠢᠶᠡᠯᠯᠡᠭ᠍ᠰᠡᠨ ᠪᠠᠢᠳ᠋ᠠᠯ ᠭᠠᠷᠠᠭ ᠪᠦᠷᠢ ᠪᠠᠢᠴᠠᠭᠠᠨ ᠲᠡᠮᠳ᠋ᠡᠭᠯᠡᠵᠤ ᠂ ᠪᠠᠭᠰᠢ ᠨᠠᠷ ᠤᠨ ᠴᠢᠯᠦᠭᠡᠨ ᠦ ᠲᠡᠮᠳ᠋ᠡᠭᠯᠡᠯ ᠢ ᠨᠠᠷᠢᠯᠢᠭ ᠬᠢᠵᠤ ᠭᠠᠷᠠᠭ ᠪᠦᠷᠢ ᠳ᠋ᠦ᠋ᠩᠨ᠋ᠡᠨ ᠨᠡᠢᠳ᠋ᠡᠯᠡᠵᠤ ᠂ ᠠᠵᠢᠯ ᠲᠡᠮᠳ᠋ᠡᠭᠯᠡᠬᠦ ᠮᠠᠰᠢᠨ ᠦ ᠪᠦᠷᠢᠳᠭᠡᠯ ᠳᠤ ᠲᠤᠭ᠎ᠠ ᠪᠠᠷᠢᠮᠳ᠋ᠠ ᠬᠠᠩᠭᠠᠪᠠ ᠃ ᠪᠠᠭᠰᠢ ᠨᠠᠷ ᠲᠤᠰ ᠬᠤᠭᠤᠴᠠᠭ᠎ᠠ ᠠᠯᠪᠠᠨ ᠦ ᠪᠠ ᠬᠤᠪᠢ ᠶᠢᠨ ᠤᠴᠢᠷ ᠢᠶᠡᠷ 539  ᠬᠦᠮᠥᠨ ᠤᠳ᠋ᠠᠭ᠎ᠠ ᠴᠢᠯᠦᠭᠡ  ᠲᠡᠮᠳ᠋ᠡᠭᠯᠡᠪᠠ ᠃

4. ᠤᠯᠤᠰ ᠤᠨ ᠰᠢᠯᠭᠠᠯᠳ᠋ᠠ ᠂ ᠬᠢᠷᠢ ᠬᠡᠮ ᠤᠨ ᠰᠢᠯᠭᠠᠯᠳ᠋ᠠ ᠳᠤ ᠨᠡᠷ᠎ᠡ ᠮᠡᠳ᠋ᠡᠬᠦᠯᠬᠦ  ᠠᠵᠢᠯ ᠢ ᠴᠠᠭ ᠲᠤᠬᠠᠢ ᠳᠤ ᠨᠢ  ᠵᠤᠬᠢᠴᠠᠭᠤᠯᠤᠨ  ᠬᠢᠪᠠ ᠃  ᠰᠤᠷᠭᠠᠭᠤᠯᠢ ᠶᠢᠨ ᠬᠤᠶᠠᠷ ᠤᠳ᠋ᠠᠭᠠᠨ ᠦ ᠰᠢᠯᠭᠠᠯᠳ᠋ᠠ ᠶᠢ ᠤᠯᠤᠰ ᠤᠨ ᠰᠢᠯᠭᠠᠯᠳ᠋ᠠ ᠶᠢᠨ ᠪᠠᠷᠢᠮᠵᠢᠶ᠎ᠠ ᠪᠠᠷ ᠨᠠᠷᠢᠯᠢᠭ ᠂ ᠤᠨ᠋ᠤᠴᠢᠳ᠋ᠠᠢ ᠬᠢᠵᠤ ᠵᠢᠭᠠᠨ ᠰᠤᠷᠭᠠᠯᠳ᠋ᠠ ᠶᠢᠨ ᠤᠷᠴᠢᠯ ᠳ᠋ᠦ᠋ᠩ ᠢ ᠪᠠᠳ᠋ᠤᠯᠠᠪᠠ ᠃  ᠰᠢᠯᠭᠠᠯᠳ᠋ᠠ  ᠲᠤᠬᠢᠷᠠᠭᠤᠯᠬᠤ ᠂  ᠰᠢᠯᠭᠠᠯᠳ᠋ᠠ ᠶᠢᠨ  ᠲᠠᠯᠠᠪᠠᠢ  ᠲᠤᠬᠢᠷᠠᠭᠤᠯᠬᠤ ᠂  ᠰᠢᠯᠭᠠᠯᠳ᠋ᠠ ᠬᠢᠨ᠋ᠠᠬᠤ ᠂ ᠬᠤᠪᠢ  ᠬᠤᠷᠢᠶᠠᠨ ᠨᠡᠢᠳᠭᠡᠬᠦ ᠂ ᠲᠤᠭ᠎ᠠ ᠪᠠᠷᠢᠮᠳ᠋ᠠ ᠤᠨ ᠵᠠᠳ᠋ᠠᠯᠤᠯᠳ᠋ᠠ ᠬᠢᠬᠦ ᠂  ᠤᠨ ᠦ ᠬᠡᠯᠳ᠋ᠡᠰ ᠢᠶᠡᠷ ᠨᠢᠭᠡᠴᠢᠯᠡᠵᠤ ᠰᠢᠯᠭᠠᠯᠳ᠋ᠠ ᠶᠢᠨᠵᠠᠳ᠋ᠠᠯᠤᠯᠳ᠋ᠠ ᠬᠢᠬᠦ  ᠵᠡᠷᠭᠡ ᠪᠦᠭᠡᠮ ᠠᠵᠢᠯ ᠢ ᠠᠮᠵᠢᠯᠳ᠋ᠠ ᠲᠡᠢ ᠰᠢᠰᠲ᠋ᠸᠮ ᠲᠡᠢ ᠪᠡᠶᠡᠯᠡᠬᠦᠯᠪᠠ ᠃ ᠲᠤᠰ ᠬᠤᠭᠤᠴᠠᠭ᠎ᠠ ᠠ᠋ᠴᠠ ᠰᠦ᠋ᠯᠵᠢᠶᠠᠨ ᠳᠤ ᠰᠢᠯᠭᠠᠯᠳ᠋ᠠ ᠬᠢᠨ᠋ᠠᠬᠤ ᠰᠢᠰᠲ᠋ᠸᠮ ᠢ ᠦᠷ᠎ᠠ ᠪᠦᠳ᠋ᠦᠮᠵᠢᠳ᠋ᠠᠢ ᠲᠤᠷᠰᠢᠨ ᠬᠡᠷᠡᠭᠯᠡᠵᠤ ᠰᠢᠯᠭᠠᠯᠳ᠋ᠠ ᠶᠢᠨ ᠶᠠᠰᠤ ᠴᠢᠨ᠋ᠠᠷ ᠢ ᠲᠡᠭᠡᠭ᠍ᠰᠢᠯᠡᠬᠦᠯᠬᠦ ᠶᠢ ᠵᠤᠷᠢᠪᠠ ᠃

5. ᠬᠢᠴᠢᠶᠠᠯ ᠡᠷᠬᠢᠯᠡᠬᠦ ᠭᠠᠵᠠᠷ ᠠ᠋ᠴᠠ ᠭᠠᠷᠠᠭ ᠪᠦᠷᠢ ᠶᠢᠨ ᠪᠡᠶᠡᠯᠡᠬᠦᠯᠬᠦ ᠠᠵᠢᠯ ᠢ QQ ᠪᠦᠯᠦᠭᠯᠡᠯ ᠳᠤ ᠨᠡᠢᠳ᠋ᠡᠯᠡᠵᠤ  ᠡᠯ᠎ᠠ ᠠᠵᠢᠯ ᠤᠨ ᠤᠷᠤᠭᠰᠢᠳ᠋ᠠᠢ  ᠂ ᠲᠦ᠋ᠯᠦᠪᠯᠡᠭᠡ ᠲᠡᠢ ᠶᠠᠪᠤᠭᠳ᠋ᠠᠬᠤ ᠶᠢ  ᠪᠠᠳ᠋ᠤᠯᠠᠭᠰᠠᠨ ᠪᠠᠢᠨ᠎ᠠ ᠃  ᠡᠯ᠎ᠠ  ᠵᠢᠭᠠᠬᠤ ᠶᠢ ᠰᠤᠳ᠋ᠤᠯᠬᠤ  ᠲᠤᠭᠤᠢᠯᠠᠩ ᠨᠢ ᠡᠯ᠎ᠠ  ᠠᠵᠢᠯ ᠂ ᠠᠵᠢᠯᠯᠠᠭᠠᠨ ᠂ ᠪᠦᠷᠢᠳᠭᠡᠯ ᠢ ᠴᠠᠭ ᠲᠤᠬᠠᠢ ᠳᠤ ᠨᠢ ᠬᠢᠵᠤ ᠢᠷᠡᠭ᠍ᠰᠡᠨ ᠪᠦᠭᠡᠳ ᠬᠢᠴᠢᠶᠠᠯ ᠡᠷᠬᠢᠯᠡᠬᠦ ᠭᠠᠵᠠᠷ ᠤᠨ ᠱᠠᠭᠠᠷᠳ᠋ᠠᠯᠭ᠎ᠠ ᠂  ᠬᠤᠷᠠᠯ ᠤᠨ ᠠᠭᠤᠯᠭ᠎ᠠ ᠶᠢ ᠲᠠᠮᠵᠢᠭᠤᠯᠬᠤ ᠂ ᠲᠤᠬᠠᠢᠯᠠᠭᠰᠠᠨ ᠠᠵᠢᠯ ᠤᠨ ᠰᠤᠷᠤᠯᠴᠠᠯᠭ᠎ᠠ ᠬᠢᠬᠦ ᠵᠡᠷᠭᠡ ᠶᠢ ᠰᠠᠢᠳ᠋ᠤᠷ ᠬᠦᠢᠴᠡᠳᠭᠡᠪᠡ ᠃

6. ᠪᠠᠭᠰᠢ ᠶᠢᠨ ᠬᠦᠴᠦᠨ ᠦ ᠲᠤᠬᠢᠷᠠᠭᠤᠯᠤᠯ ᠂ ᠰᠤᠷᠤᠯᠭ᠎ᠠ ᠶᠢᠨ ᠬᠢᠷᠢ ᠬᠡᠮ ᠤᠨ ᠰᠢᠯᠭᠠᠯᠳ᠋ᠠ ᠂ ᠬᠢᠳ᠋ᠠᠳ ᠬᠡᠯᠡᠨ ᠦ ᠲᠡᠬᠦᠰᠬᠦ ᠰᠢᠯᠭᠠᠯᠳ᠋ᠠ ᠵᠡᠷᠭᠡ ᠶᠢᠨ ᠰᠢᠯᠳ᠋ᠠᠭᠠᠨ ᠠ᠋ᠴᠠ ᠬᠢᠴᠢᠶᠠᠯ ᠤᠨ ᠢᠯᠡᠳᠭᠡᠯ ᠤᠨ ᠲᠤᠬᠢᠷᠠᠭᠤᠯᠤᠯ ᠢ ᠬᠤᠢᠨ᠎ᠠ ᠡᠮᠦᠨ᠎ᠠ ᠭᠤᠷᠪᠠ ᠤᠳ᠋ᠠᠭ᠎ᠠ ᠲᠤᠬᠢᠷᠠᠭᠤᠯᠪᠠ ᠃ ᠲᠤᠬᠢᠷᠠᠭᠤᠯᠭ᠎ᠠ ᠶᠢᠨ ᠶᠠᠪᠤᠴᠠ ᠳᠤ ᠪᠠᠭᠰᠢ ᠨᠠᠷ ᠤᠨ ᠲᠤᠷ᠎ᠠ ᠤᠷᠮ᠎ᠠ ᠳᠤ ᠰᠠᠭᠤᠷᠢᠯᠠᠵᠤ ᠤᠳ᠋ᠠᠭ᠎ᠠ ᠪᠦᠷᠢ ᠬᠢᠨ᠋ᠠᠨ ᠬᠠᠷᠭᠤᠭᠤᠯᠬᠤ ᠰᠠᠨ᠋ᠠᠯ ᠬᠤᠷᠢᠶᠠᠬᠤ ᠨᠤᠤᠷᠠᠭ ᠨᠡᠢᠳ᠋ᠡᠯᠡᠵᠤ ᠬᠤᠢᠨ᠎ᠠ ᠨᠢ ᠵᠠᠰᠠᠯᠳ᠋ᠠ ᠬᠢᠵᠤ ᠬᠡᠷᠡᠭᠵᠢᠬᠦᠯᠬᠦ ᠶᠢ ᠬᠢᠴᠢᠶᠠᠪᠠ ᠃

7. ᠵᠢᠭᠠᠬᠤ ᠪᠡᠯᠡᠳᠭᠡᠯ ᠤᠨ ᠲᠤᠭ᠎ᠠ ᠶᠢ ᠭᠠᠷᠠᠭ ᠪᠦᠷᠢ ᠪᠠᠢᠴᠠᠭᠠᠨ ᠲᠡᠮᠳ᠋ᠡᠭᠯᠡᠵᠤ ᠂ ᠬᠤᠶᠠᠷ ᠤᠳ᠋ᠠᠭ᠎ᠠ ᠴᠢᠨ᠋ᠠᠷ ᠤᠨ ᠪᠠᠢᠴᠠᠭᠠᠯᠳ᠋ᠠ ᠬᠢᠪᠠ ᠃ ᠲᠠᠰᠬᠠᠯ ᠢ ᠬᠤᠶᠠᠷ ᠤᠳ᠋ᠠᠭ᠎ᠠ ᠪᠠᠢᠴᠠᠭᠠᠵᠤ ᠂  ᠤᠷᠤᠰᠢᠵᠤ ᠪᠠᠢᠭ᠎ᠠ ᠠᠰᠠᠭᠤᠳ᠋ᠠᠯ ᠢ ᠵᠢᠭᠠᠬᠤ ᠶᠢ ᠰᠤᠳ᠋ᠤᠯᠬᠤ ᠲᠤᠭᠤᠢᠯᠠᠩ ᠢᠶᠡᠷ  ᠲᠠᠮᠵᠢᠭᠤᠯᠤᠨ ᠮᠡᠳ᠋ᠡᠭ᠍ᠳ᠋ᠡᠵᠤ ᠂ ᠬᠤᠭᠤᠴᠠᠭᠠᠨ ᠡᠴᠦᠰ ᠲᠣ  ᠴᠢᠨ᠋ᠠᠷ  ᠂ ᠲᠤᠭᠠᠨ ᠦ ᠦᠨ᠋ᠡᠯᠡᠯᠳ᠋ᠠ ᠬᠢᠵᠤ ᠲᠡᠮᠳ᠋ᠡᠭᠯᠡᠪᠡ ᠃

 ᠬᠤᠶᠠᠷ ᠂  ᠰᠤᠷᠤᠭᠴᠢ  ᠶᠢᠨ ᠰᠤᠷᠤᠯᠭ᠎ᠠ ᠶᠢᠨ ᠬᠠᠮᠢᠶᠠᠷᠤᠯᠳ᠋ᠠ ᠶᠢᠨ ᠠᠵᠢᠯ ᠳ᠋ᠥ

1.  ᠰᠢᠨ᠎ᠠ  ᠰᠤᠷᠤᠭᠴᠢ ᠶᠢ ᠤᠭᠳ᠋ᠤᠬᠤ ᠂ ᠠᠩᠬᠢ  ᠬᠤᠪᠢᠶᠠᠷᠢᠯᠠᠬᠤ  ᠠᠵᠢᠯ ᠢ  ᠢᠯᠭᠤᠮ ᠬᠦᠢᠴᠡᠳᠭᠡᠪᠡ ᠃

ᠲᠡᠭᠡᠳ᠋ᠤ ᠨᠢᠭᠡ ᠳᠤ 421 ᠰᠤᠷᠤᠭᠴᠢ ᠡᠯᠰᠡᠵᠤ ᠂ ᠲᠦ᠋ᠷᠪᠡᠨ  ᠬᠦᠭᠡ  ᠠᠩᠬᠢ ᠂  ᠵᠢᠷᠭᠤᠭᠠᠨ ᠬᠦᠭᠡᠭᠴᠢᠨ  ᠠᠩᠬᠢ ᠳᠤ  ᠬᠤᠪᠢᠶᠠᠷᠢᠯᠠᠪᠠ ᠃  ᠪᠠᠭᠰᠢ ᠨᠠᠷ ᠤᠨ ᠠᠵᠢᠯ ᠤᠨ ᠬᠠᠷᠢᠭᠤᠴᠠᠯᠭ᠎ᠠ ᠂ ᠰᠤᠷᠭᠠᠭᠤᠯᠢ ᠶᠢᠨ ᠰᠤᠷᠤᠭᠴᠢ ᠶᠢᠨᠬᠠᠮᠢᠶᠠᠷᠤᠯᠳ᠋ᠠ ᠨᠢ ᠠᠷᠠᠳ ᠤᠯᠠᠨ ᠦ ᠲᠡᠭᠠᠯᠠᠯ ᠢᠳ᠋ᠡᠭᠡᠯ ᠳᠤ ᠬᠦᠷᠴᠤ ᠲᠤᠰ ᠵᠢᠯ ᠮᠤᠩᠭᠤᠯ ᠲᠤᠮᠳ᠋ᠠᠳ᠋ᠤ ᠰᠤᠷᠭᠠᠭᠤᠯᠢ ᠠ᠋ᠴᠠ900 ᠬᠤᠪᠢ ᠠ᠋ᠴᠠ ᠲᠡᠭᠡᠭ᠍ᠰᠢ 42 ᠰᠤᠷᠤᠭᠴᠢ ᠮᠠᠨ ᠦ ᠰᠤᠷᠭᠠᠭᠤᠯᠢ ᠶᠢ ᠰᠤᠩᠭᠤᠭᠰᠠᠨ ᠪᠦᠭᠡᠳ ᠮᠠᠨ ᠦ ᠰᠤᠷᠭᠠᠭᠤᠯᠢ ᠶᠢᠨ ᠨᠠᠢᠳ᠋ᠠ ᠰᠤᠷᠤᠭᠴᠢ ᠶᠢᠨ ᠲᠤᠭ᠎ᠠ1472 ᠲᠣ ᠬᠦᠷᠦᠭ᠍ᠰᠡᠨ ᠪᠠᠢᠨ᠎ᠠ ᠃᠂ ᠰᠤᠷᠤᠭᠴᠢ ᠡᠯᠰᠡᠵᠤ ᠠᠩᠬᠢ ᠬᠤᠪᠢᠶᠠᠷᠢᠯᠠᠬᠤ ᠳᠤ ᠲᠡᠭᠡᠷ᠎ᠡ ᠱᠠᠳ᠋ᠤᠨ ᠦ ᠱᠠᠭᠠᠷᠳ᠋ᠠᠯᠭ᠎ᠠ ᠶᠤᠰᠤᠭᠠᠷ ᠠᠵᠢᠯᠯᠠᠵᠤ ᠂ ᠠᠩᠬᠢ ᠬᠤᠪᠢᠶᠠᠷᠢᠯᠠᠬᠤ ᠳᠤ ᠰᠤᠷᠤᠭᠴᠢ ᠶᠢᠨ  ᠪᠦᠳ᠋ᠦᠮᠵᠢ ᠂  ᠡᠷᠡᠭ᠍ᠳ᠋ᠠᠢ ᠡᠮᠡᠭ᠍ᠳ᠋ᠠᠢ ᠶᠢᠨ  ᠬᠠᠷᠢᠴᠠᠯ ᠂  ᠰᠠᠬᠢᠯᠭ᠎ᠠ ᠲᠦ᠋ᠷᠢᠮᠵᠢᠯ ᠤᠨ  ᠪᠠᠢᠳ᠋ᠠᠯ ᠢ  ᠦᠨᠳ᠋ᠦᠰᠦᠯᠡᠵᠤ  ᠬᠤᠪᠢᠶᠠᠷᠢᠯᠠᠵᠤ ᠂ ᠠᠳ᠋ᠠᠯᠢ ᠲᠡᠰ ᠤᠨ ᠠᠩᠬᠢ ᠶᠢ ᠠᠩᠬᠢ ᠡᠷᠬᠢᠯᠡᠭᠴᠢ ᠶᠢ ᠰᠢᠪᠠᠭ᠎ᠠ ᠲᠠᠳ᠋ᠠᠵᠤ ᠰᠤᠩᠭᠤᠭᠤᠯᠬᠤ ᠠᠵᠢᠯ ᠢ ᠬᠢᠪᠠ ᠃

2.  ᠰᠤᠷᠤᠯᠭ᠎ᠠ ᠶᠢᠨ ᠨᠠᠮᠳ᠋ᠠᠷ ᠤᠨ ᠪᠠᠢᠭᠤᠯᠤᠯᠳ᠋ᠠ ᠶᠢᠨ ᠠᠵᠢᠯ ᠳ᠋ᠥ

ᠲᠡᠭᠡᠳ᠋ᠤ ᠲᠤᠮᠳ᠋ᠠᠳ᠋ᠤ ᠶᠢᠨ ᠰᠤᠷᠤᠭᠴᠢ ᠶᠢᠨ ᠰᠤᠷᠤᠯᠭ᠎ᠠ ᠶᠢᠨ ᠨᠠᠮᠳ᠋ᠠᠷ ᠤᠨ ᠪᠠᠢᠭᠤᠯᠤᠯᠳ᠋ᠠ ᠶᠢᠨ ᠠᠵᠢᠯ ᠢ ᠲᠡᠭᠡᠳ᠋ᠤ ᠱᠠᠳ᠋ᠤᠨ ᠦ ᠲᠤᠭᠳ᠋ᠠᠭᠠᠯ ᠶᠤᠰᠤᠭᠠᠷ ᠲᠦ᠋ᠷᠢᠮᠵᠢᠬᠦᠯᠪᠠ ᠃  ᠰᠤᠷᠭᠠᠭᠤᠯᠢ ᠰᠢᠯᠵᠢᠬᠦ ᠂  ᠰᠤᠷᠤᠯᠭ᠎ᠠ ᠠᠮᠠᠷᠠᠬᠤ ᠂ ᠰᠤᠷᠤᠯᠭ᠎ᠠ ᠵᠤᠭᠰᠤᠬᠤ ᠭᠠᠷ ᠬᠦᠢᠴᠡᠳᠭᠡᠯ ᠢ  ᠬᠢᠴᠢᠶᠠᠯ ᠡᠷᠬᠢᠯᠡᠬᠦ ᠭᠠᠵᠠᠷ ᠠ᠋ᠴᠠ ᠲᠤᠰᠬᠠᠢ ᠬᠠᠷᠢᠭᠤᠴᠠᠨ  ᠲᠡᠮᠳ᠋ᠡᠭ᠌ ᠪᠠᠷᠢᠮᠳ᠋ᠠ ᠂  ᠭᠠᠷ ᠬᠦᠢᠴᠡᠳᠭᠡᠯ ᠢ ᠲᠠᠰ ᠲᠠᠷᠠᠭ᠎ᠠ ᠲᠡᠢ ᠪᠦᠷᠢᠨ ᠪᠦᠳ᠋ᠦᠨ ᠬᠢᠵᠤ ᠢᠷᠡᠪᠠ ᠃

3. ᠰᠤᠷᠤᠭᠴᠢ ᠶᠢᠨ ᠤᠳ᠋ᠠᠭ᠎ᠠ ᠪᠤᠯᠭᠠᠨ ᠦ ᠰᠢᠯᠭᠠᠯᠳ᠋ᠠ ᠶᠢᠨ ᠬᠤᠪᠢ ᠶᠢ ᠺᠤᠮᠫᠢᠤᠲ᠋ᠸᠷ ᠲᠣ ᠬᠠᠳ᠋ᠠᠭᠠᠯᠠᠵᠤ ᠂ ᠰᠤᠷᠤᠭᠴᠢ ᠶᠢᠨ ᠰᠤᠷᠤᠯᠭ᠎ᠠ ᠬᠢᠴᠢᠶᠠᠯ ᠤᠨ ᠪᠦᠳ᠋ᠦᠮᠵᠢ ᠶᠢᠨ ᠰᠢᠯᠭᠠᠷᠠᠭᠤᠯᠤᠯᠳ᠋ᠠ ᠂ ᠠᠵᠢᠭᠯᠠᠯᠳ᠋ᠠ ᠳᠤ ᠦᠢᠯᠡᠴᠢᠯᠡᠬᠦᠯᠵᠤ ᠴᠢᠳ᠋ᠠᠪᠠ ᠃ ᠬᠤᠭᠤᠴᠠᠭᠠᠨ ᠲᠤᠮᠳ᠋ᠠᠬᠢ ᠰᠢᠯᠭᠠᠯᠳ᠋ᠠ ᠶᠢᠨ ᠬᠤᠪᠢ ᠶᠢ 40% ᠂ ᠬᠤᠭᠤᠴᠠᠭᠠᠨ ᠡᠴᠦᠰ ᠤᠨ ᠰᠢᠯᠭᠠᠯᠳ᠋ᠠ ᠶᠢᠨ ᠬᠤᠪᠢ ᠶᠢ 60%  ᠪᠠᠷ ᠨᠡᠢᠳᠭᠡᠵᠤ ᠂ ᠬᠤᠶᠠᠷ ᠬᠤᠭᠤᠴᠠᠭᠠᠨ ᠦ ᠬᠤᠪᠢ ᠨᠤᠷᠮ᠎ᠠ ᠪᠠᠷ ᠰᠢᠯᠢᠳ᠋ᠡᠭ᠌ ᠰᠤᠷᠤᠯᠭᠠᠳ᠋ᠠᠨ ᠢ ᠰᠢᠯᠭᠠᠷᠠᠭᠤᠯᠬᠤ ᠂ ᠲᠡᠪᠰᠢᠯᠳ᠋ᠠ ᠲᠡᠢ ᠰᠤᠷᠤᠭᠴᠢ ᠶᠢ ᠰᠢᠯᠭᠠᠷᠠᠭᠤᠯᠬᠤ ᠠᠵᠢᠯ ᠢ ᠬᠢᠨ᠋ᠠᠮᠠᠭᠠᠢ ᠂  ᠤᠨ᠋ᠤᠪᠴᠢᠳ᠋ᠠᠢ ᠂ ᠭᠤᠤᠯᠴᠢ ᠪᠠᠷ ᠬᠢᠵᠤ ᠢᠷᠡᠪᠡ ᠃

ᠲᠤᠰ ᠬᠤᠭᠤᠴᠠᠭ᠎ᠠ ᠬᠦᠭᠡ ᠂ ᠬᠦᠭᠡᠭᠴᠢᠨ ᠠᠩᠬᠢ ᠶᠢᠨ ᠰᠤᠷᠤᠭᠴᠢ ᠶᠢ ᠲᠤᠬᠢᠷᠠᠭᠤᠯᠬᠤ ᠠᠵᠢᠯ ᠲᠡᠭᠡᠳ᠋ᠤ ᠬᠤᠶᠠᠷ ᠲᠣ ᠢᠯᠭᠤᠮ ᠶᠠᠪᠤᠭᠳ᠋ᠠᠵᠤ 12 ᠰᠤᠷᠤᠭᠴᠢ ᠶᠢᠨ ᠰᠤᠷᠤᠯᠴᠠᠬᠤ ᠠᠩᠬᠢ ᠶᠢ ᠲᠤᠬᠢᠷᠠᠭᠤᠯᠪᠠ ᠃ ᠤᠯᠠᠨ ᠵᠤᠢᠯ ᠤᠨ ᠰᠢᠯᠳ᠋ᠠᠭᠠᠨ ᠠ᠋ᠴᠠ ᠪᠤᠯᠵᠤ ᠲᠡᠭᠡᠳ᠋ᠤ ᠭᠤᠷᠪᠠ ᠶᠢᠨ ᠬᠦᠭᠡ ᠬᠦᠭᠡᠭᠴᠢᠨ ᠠᠩᠬᠢ ᠶᠢᠨ ᠰᠤᠷᠤᠭᠴᠢ ᠶᠢᠨ ᠲᠤᠬᠢᠷᠠᠭᠤᠯᠤᠯᠳ᠋ᠠ ᠠᠮᠵᠢᠯᠳ᠋ᠠ ᠲᠡᠢ ᠪᠤᠯᠵᠤ ᠴᠢᠳ᠋ᠠᠭᠰᠠᠨ ᠦᠭᠡᠢ ᠃

4.  《 ᠬᠡᠪ ᠴᠢᠨ᠋ᠠᠷ ᠤᠨ ᠶᠡᠷᠦᠩᠬᠡᠢᠯᠡᠭ᠍ᠰᠡᠨ ᠦᠨ᠋ᠡᠯᠡᠯᠳ᠋ᠠ ᠶᠢᠨ ᠠᠷᠭ᠎ᠠ 》  ᠪᠠᠷ ᠰᠤᠷᠤᠭᠴᠢᠳ ᠢ 《 ᠰᠤᠷᠤᠯᠭ᠎ᠠ ᠂ ᠮᠤᠷᠠᠯ ᠂ ᠬᠦᠭᠵᠢᠯᠳ᠋ᠠ 》 ᠬᠡᠬᠦ ᠭᠤᠷᠪᠠᠨ ᠲᠠᠯ᠎ᠠ ᠪᠠᠷ ᠬᠤᠪᠢᠴᠢᠯᠠᠨ ᠦᠨ᠋ᠡᠯᠡᠵᠤ ᠂ 《 ᠰᠤᠷᠤᠯᠭ᠎ᠠ ᠮᠤᠷᠠᠯ ᠬᠤᠤᠰᠯᠠᠭᠰᠠᠨ ᠰᠢᠯᠢᠳ᠋ᠡᠭ᠌ ᠰᠤᠷᠤᠭᠴᠢ 》  ᠶ᠋ᠢ ᠰᠢᠯᠭᠠᠷᠠᠭᠤᠯᠤᠭᠰᠠᠨ ᠪᠠ ᠲᠤᠰᠬᠠᠢ ᠲᠠᠩᠰᠠ ᠡᠪᠬᠡᠮᠡᠯ ᠬᠢᠵᠤ ᠬᠠᠳ᠋ᠠᠭᠠᠯᠠᠪᠠ ᠃

 ᠭᠤᠷᠪᠠ ᠂ ᠰᠤᠷᠤᠭᠴᠢ ᠶᠢᠨ  ᠬᠦᠭᠵᠢᠯᠳ᠋ᠠ ᠶᠢ ᠴᠢᠬᠤᠯᠠᠴᠢᠯᠠᠬᠤ  ᠵᠤᠷᠢᠯᠭ᠎ᠠ ᠲᠡᠢ  ᠬᠡᠳ᠋ᠦᠨ ᠵᠤᠢᠯ ᠤᠨ  ᠠᠵᠢᠯ  ᠠᠮᠵᠢᠯᠳ᠋ᠠ ᠲᠡᠢ  ᠶᠠᠪᠤᠭᠳ᠋ᠠᠯ᠎ᠠ ᠃

 ( 1 ) ᠰᠤᠷᠤᠭᠴᠢ ᠶᠢᠨ ᠪᠦᠬᠦ ᠲᠠᠯ᠎ᠠ ᠶᠢᠨᠬᠦᠭᠵᠢᠯᠳ᠋ᠠ ᠶᠢ ᠠᠬᠢᠭᠤᠯᠬᠤ ᠶᠢ ᠠᠩᠬᠠᠷᠴᠤ ᠲᠤᠰ ᠬᠤᠭᠤᠴᠠᠭᠠᠨ ᠠ᠋ᠴᠠ 16 ᠲᠦ᠋ᠷᠤᠯ ᠤᠨ ᠰᠤᠩᠭᠤᠨ ᠰᠤᠷᠬᠤ ᠬᠢᠴᠢᠶᠠᠯ ᠨᠡᠭᠡᠭᠡᠵᠤ ᠂  ᠰᠤᠷᠤᠭᠴᠢᠳ ᠤᠨ ᠦᠪᠡᠷᠳ᠋ᠡᠭᠡᠨ ᠡᠵᠡᠮᠳ᠋ᠡᠵᠤ ᠬᠢᠴᠢᠶᠠᠯ ᠰᠤᠩᠭᠤᠬᠤ ᠂ ᠬᠦᠭᠵᠢᠯᠳ᠋ᠠ ᠳᠤ ᠪᠡᠨ ᠵᠤᠬᠢᠴᠠᠭᠤᠯᠵᠤ ᠦᠢᠯᠡᠳ᠋ᠦᠯᠭᠡ ᠳᠤ ᠤᠷᠤᠯᠴᠠᠬᠤ ᠵᠡᠷᠭᠡ ᠶᠢ ᠰᠡᠳ᠋ᠦᠵᠤ ᠡᠬᠢᠯᠡᠬᠦᠯᠪᠠ ᠃ ᠡᠬᠦᠨ ᠳᠤ ᠸᠸᠨ ᠭᠤᠸᠠᠩ ᠪᠠᠭᠰᠢ ᠶᠢᠨ 《  ᠵᠤᠬᠢᠶᠠᠨ ᠪᠢᠴᠢᠯᠭᠡ ᠶᠢᠨ ᠬᠢᠴᠢᠶᠠᠯ ᠂ ᠰᠠᠴᠤᠷᠠᠯᠳ᠋ᠤ ᠪᠠᠭᠰᠢ ᠶᠢᠨ 《 ᠲᠤᠷᠠᠨ ᠬᠠᠷᠠᠭ᠎ᠠ 》  ᠲᠦ᠋ᠷᠰᠤ ᠪᠢᠴᠢᠯᠭᠡ ᠦᠢᠯᠡᠳᠬᠦ  ᠬᠢᠴᠢᠶᠠᠯ ᠂ ᠰᠡᠷᠬᠦᠯᠡᠩ ᠪᠠᠭᠰᠢ ᠶᠢᠨ ᠺᠤᠮᠫᠢᠤᠲ᠋ᠸᠷ ᠮᠠᠷᠬᠡᠵᠢᠯ ᠤᠨ ᠬᠢᠴᠢᠶᠠᠯ ᠂ ᠪᠢᠯᠢᠭ᠍ᠳ᠋ᠤ ᠪᠠᠭᠰᠢ ᠶᠢᠨ ᠤᠷᠠᠨ ᠪᠢᠴᠢᠯᠭᠡ ᠶᠢᠨ ᠬᠢᠴᠢᠶᠠᠯ ᠂ ᠤᠯᠤᠰᠮᠠᠨᠳ᠋ᠠ ᠪᠠᠭᠰᠢ ᠶᠢᠨ ᠤᠷᠠᠨ ᠤᠩᠰᠢᠯᠭ᠎ᠠ ᠶᠢᠨ ᠲᠤᠭᠤᠢᠯᠠᠩ ᠤᠨ ᠬᠢᠴᠢᠶᠠᠯ ᠵᠡᠷᠭᠡ ᠨᠢ ᠠᠮᠵᠢᠯᠳ᠋ᠠ ᠲᠡᠢ ᠪᠤᠯᠵᠤ ᠲᠠᠷᠠᠭᠠᠴᠢ ᠪᠠᠷ ᠲᠦ᠋ᠷᠢᠮᠵᠢᠬᠦᠯᠥᠨ ᠨᠡᠭᠡᠭᠡᠬᠦ ᠳᠤ ᠪᠠᠳ᠋ᠤ ᠰᠠᠭᠤᠷᠢ ᠶᠢ ᠲᠠᠯᠪᠢᠯ᠎ᠠ ᠃

 ( 2 )  《 ᠪᠤᠯᠤᠷ ᠡᠷᠢᠭᠡ 》  《 ᠦᠯᠦᠭᠡᠢ ᠨᠤᠳ᠋ᠤᠭ ᠂ ᠦᠪ ᠰᠤᠶᠤᠯ 》  ᠬᠡᠬᠦ ᠬᠢᠴᠢᠶᠠᠯ ᠤᠨ ᠨᠡᠭᠡᠭᠡᠯᠳ᠋ᠠ ᠨᠢ ᠰᠤᠷᠤᠭᠴᠢᠳ ᠤᠨ ᠦᠯᠡᠮᠵᠢ ᠮᠡᠳ᠋ᠡᠯᠭᠡ ᠬᠦᠷᠳ᠋ᠡᠬᠦ ᠂  ᠦᠪ ᠰᠤᠶᠤᠯ ᠢᠶᠡᠨ ᠤᠯᠠᠮᠯᠠᠬᠤ ᠳᠤ ᠦᠢᠯᠡᠳ᠋ᠦᠯ ᠦᠵᠡᠬᠦᠯᠥᠭ᠍ᠰᠡᠨ ᠪᠠᠢᠨ᠎ᠠ ᠃  ᠪᠦᠷᠢᠨᠪᠠᠳ᠋ᠤ ᠪᠠᠭᠰᠢ ᠂ ᠤᠶᠤᠨᠪᠢᠯᠢᠭ᠌ ᠪᠠᠭᠰᠢ ᠂ ᠪᠤᠶᠠᠨᠴᠤᠭᠯᠠ ᠪᠠᠭᠰᠢ ᠶᠢᠨ ᠬᠢᠴᠢᠶᠠᠯ ᠢ ᠰᠤᠨ᠋ᠤᠰᠤᠭᠰᠠᠨ ᠰᠤᠷᠤᠭᠴᠢ ᠮᠢᠩᠭ᠎ᠠ ᠭᠠᠷᠤᠢ ᠬᠦᠮᠥᠨ ᠤᠳ᠋ᠠᠭ᠎ᠠ ᠳᠤ ᠬᠦᠷᠦᠭ᠍ᠰᠡᠨ ᠪᠠᠢᠨ᠎ᠠ ᠃

 ( 3 )  《 ᠨᠤᠮ ᠤᠨ ᠬᠦᠯᠭᠡ 》 ᠨᠤᠮ ᠤᠩᠰᠢᠯᠭ᠎ᠠ ᠶᠢᠨ ᠠᠵᠢᠯ ᠢ ᠱᠠᠭᠠᠷᠳ᠋ᠠᠨ ᠴᠢᠬᠤᠯᠠᠴᠢᠯᠠᠵᠤ ᠢᠷᠡᠭ᠍ᠰᠡᠨ ᠪᠠᠢᠨ᠎ᠠ ᠃ ᠨᠤᠮ ᠤᠨ ᠰᠠᠩ ᠳᠤ ᠰᠤᠷᠤᠭᠴᠢᠳ ᠢ ᠲᠤᠭᠳ᠋ᠠᠭᠰᠠᠨ ᠴᠠᠭ ᠢᠶᠡᠷ ᠨᠤᠮ ᠤᠩᠰᠢᠭᠤᠯᠵᠤ ᠂ ᠲᠡᠮᠳ᠋ᠡᠭᠯᠡᠯ ᠬᠢᠯᠭᠡᠵᠤ ᠂ ᠨᠤᠮ ᠤᠨ ᠰᠠᠩ ᠤᠨ ᠬᠠᠮᠢᠶᠠᠷᠤᠭᠴᠢ ᠪᠠᠭᠰᠢ ᠠ᠋ᠴᠠ ᠰᠤᠷᠤᠭᠴᠢᠳ ᠤᠨ ᠤᠩᠰᠢᠯᠭ᠎ᠠ ᠶᠢᠨ ᠲᠡᠮᠳ᠋ᠡᠭᠯᠡᠯ ᠢ ᠬᠢᠨ᠋ᠠᠵᠤ ᠬᠤᠪᠢ ᠲᠡᠮᠳ᠋ᠡᠭᠯᠡᠭ᠍ᠰᠡᠨ ᠪᠠᠢᠨ᠎ᠠ ᠃ ᠮᠠᠨ ᠦ ᠰᠤᠷᠭᠠᠭᠤᠯᠢ ᠨᠢ 2015 ᠤᠨ ᠳᠤ ᠬᠤᠳ᠋ᠠ ᠶᠢᠨ ᠰᠤᠶᠤᠯ ᠲᠠᠮᠢᠷ ᠂ ᠷᠠᠳ᠋ᠢᠤ ᠲᠸᠯᠸᠢᠰ ᠲᠤᠪᠴᠢᠶᠠᠨ ᠦ ᠬᠢᠨ᠋ᠠᠨ ᠰᠢᠯᠭᠠᠷᠠᠭᠤᠯᠤᠯᠳ᠋ᠠ ᠪᠠᠷ ᠤᠯᠠᠭᠠᠨᠬᠠᠳ᠋ᠠ ᠬᠤᠳ᠋ᠠ ᠶᠢᠨ 《 ᠪᠢᠴᠢᠭ᠌ ᠤᠨ ᠰᠤᠷᠪᠤᠯᠵᠢᠯᠳ᠋ᠠᠨ ᠦ ᠰᠤᠷᠭᠠᠭᠤᠯᠢ 》  ᠬᠡᠬᠦ ᠠᠯᠳ᠋ᠠᠷ ᠢ ᠬᠦᠷᠳ᠋ᠡᠯ᠎ᠠ ᠃

 ( 4 ) ᠲᠤᠰ ᠬᠤᠭᠤᠴᠠᠭ᠎ᠠ ᠮᠤᠩᠭᠤᠯ ᠰᠢᠳ᠋ᠠᠷ᠎ᠠ ᠶᠢᠨ ᠦᠷᠦᠭᠡ ᠂  ᠪᠢᠴᠢᠯᠭᠡ ᠪᠤᠯᠪᠠᠰᠤᠷᠠᠯ ᠤᠨ ᠦᠷᠦᠭᠡ ᠂  ᠨᠠᠪᠳ᠋ᠠᠷᠡᠬᠦᠯᠭᠡ ᠶᠢᠨ ᠲᠠᠳ᠋ᠤᠯᠭ᠎ᠠ ᠶᠢᠨ ᠲᠠᠰᠤᠭ ᠂ ᠲᠡᠭᠡᠳ᠋ᠤ ᠭᠤᠷᠪᠠ ᠶᠢᠨ ᠰᠤᠷᠤᠭᠴᠢᠳ ᠤᠨ ᠲᠠᠪᠳ᠋ᠠᠯᠭ᠎ᠠ ᠬᠢᠬᠦ ᠭᠠᠵᠠᠷ ᠢ  ᠨᠦ᠋ᠬᠦᠴᠡᠯ ᠳᠤ ᠨᠡᠢᠴᠡᠬᠦᠯᠥᠨ  ᠨᠡᠭᠡᠭᠡᠵᠤ ᠰᠤᠷᠤᠭᠴᠢᠳ ᠲᠣ ᠲᠠᠳ᠋ᠤᠯᠭ᠎ᠠ ᠪᠤᠯᠪᠠᠰᠤᠷᠠᠯ ᠤᠨ ᠭᠠᠵᠠᠷ ᠬᠠᠩᠭᠠᠪᠠ ᠃ ᠡᠬᠦᠨᠴᠠ ᠮᠠᠨ ᠦ ᠰᠤᠷᠭᠠᠭᠤᠯᠢ ᠠ᠋ᠴᠠ ᠤᠷᠠᠨ ᠪᠢᠴᠢᠯᠭᠡ ᠶᠢᠨ ᠲᠤᠰᠬᠠᠢ ᠮᠡᠷᠭᠡᠵᠢᠯ ᠂ ᠨᠡᠪᠳ᠋ᠡᠷᠡᠬᠦᠯᠦᠭᠡ ᠬᠦᠳ᠋ᠦᠯᠦᠭᠴᠢ ᠶᠢᠨ ᠲᠤᠰᠬᠠᠢ ᠮᠡᠷᠭᠡᠵᠢᠯ ᠢᠶᠡᠷ ᠰᠢᠯᠭᠠᠬᠤ ᠰᠤᠷᠤᠭᠴᠢᠳ ᠤᠨ ᠪᠦᠳ᠋ᠦᠮᠵᠢ ᠶᠢ ᠪᠠᠳ᠋ᠤᠯᠠᠭᠰᠠᠨ ᠪᠠ ᠰᠢᠳ᠋ᠠᠷ᠎ᠠ ᠶᠢᠨ ᠤᠷᠤᠯᠳ᠋ᠤᠭᠠᠨ ᠂ ᠤᠷᠠᠨ ᠪᠢᠴᠢᠯᠭᠡ ᠶᠢᠨ ᠤᠷᠤᠯᠳ᠋ᠤᠭᠠᠨ ᠂  ᠤᠷᠠᠨ ᠤᠩᠰᠢᠯᠭ᠎ᠠ ᠶᠢᠨ ᠤᠷᠤᠯᠳ᠋ᠤᠭᠠᠨ ᠳᠤ ᠤᠷᠤᠯᠴᠠᠭᠰᠠᠨ ᠰᠤᠷᠤᠭᠴᠢ ᠤᠨ  ᠪᠦᠳ᠋ᠦᠮᠵᠢ ᠮᠠᠰᠢ ᠰᠠᠢᠨ ᠪᠠᠢᠨ᠎ᠠ ᠃

 ( 5 ) ᠰᠤᠷᠤᠭᠴᠢᠳ ᠢ ᠠᠵᠢᠯᠯᠠᠭᠠᠨ ᠬᠦᠳ᠋ᠡᠯᠭᠡᠭᠡᠨ ᠳᠤ ᠢᠳ᠋ᠡᠪᠬᠢᠳ᠋ᠠᠢ ᠤᠷᠤᠯᠴᠠᠭᠤᠯᠵᠤ ᠠᠪᠢᠶᠠᠰ ᠪᠢᠯᠢᠭ᠌ ᠢ ᠨᠢ ᠰᠤᠷᠢᠪᠠ ᠃

《  ᠪᠢ ᠮᠡᠳ᠋ᠡᠨ᠎ᠠ 》 ᠲᠡᠯᠭᠡᠴᠠ ᠳᠤ ᠮᠠᠨ ᠦ ᠰᠤᠷᠭᠠᠭᠤᠯᠢ ᠠ᠋ᠴᠠ300 ᠭᠠᠷᠤᠢ ᠰᠤᠷᠤᠭᠴᠢ ᠨᠠᠷ᠎ᠠ  ᠮᠡᠳ᠋ᠡᠬᠦᠯᠦᠭ᠍ᠰᠡᠨ ᠪᠠᠢᠳ᠋ᠠᠯ ᠳᠤ ᠬᠢᠴᠢᠶᠠᠯ ᠡᠷᠬᠢᠯᠡᠬᠦ ᠭᠠᠵᠠᠷ ᠠ᠋ᠴᠠ ᠰᠢᠯᠭᠠᠷᠠᠭᠤᠯᠬᠤ ᠰᠢᠯᠭᠠᠯᠳ᠋ᠠ ᠬᠢᠵᠤ 40 ᠰᠤᠷᠤᠭᠴᠢ ᠶᠢ ᠤᠷᠤᠯᠴᠠᠭᠤᠯᠤᠭᠰᠠᠨ ᠪᠠᠢᠨ᠎ᠠ ᠃ 《 ᠨᠠᠬᠢᠶ᠎ᠠ 》  ᠲᠡᠯᠭᠡᠴᠠ ᠶᠢᠨ ᠬᠢᠨ᠋ᠢ ᠮᠠᠨ ᠦ ᠰᠤᠷᠭᠠᠭᠤᠯᠢ ᠳᠤ ᠢᠷᠡᠵᠤ ᠲᠤᠰᠬᠠᠢ ᠮᠡᠷᠭᠤᠯᠳ᠋ᠤᠭᠠᠨ ᠦ ᠤᠷᠤᠯᠳ᠋ᠤᠭᠠᠨ ᠦ ᠰᠢᠩᠭᠡᠭᠡᠯᠳ᠋ᠠ ᠬᠢᠭ᠍ᠰᠡᠨ ᠪᠠ 2.6 ᠠᠩᠭᠢ ᠶᠢᠨ ᠰᠤᠷᠤᠭᠴᠢ ᠦᠨᠳ᠋ᠤᠰᠤ  ᠳᠤ ᠲᠤᠰᠬᠠᠢ ᠫᠷᠦᠭ᠍ᠷᠡᠮ ᠤᠢᠯᠡᠳᠴᠤ ᠰᠢᠩᠭᠡᠭᠡᠨ ᠨᠠᠪᠳ᠋ᠡᠷᠡᠬᠦᠯᠦᠭ᠍ᠰᠡᠨ ᠪᠠᠢᠨ᠎ᠠ ᠃

ᠬᠠᠢᠯᠠᠷ ᠬᠤᠳ᠋ᠠᠨ ᠳᠤ ᠪᠤᠯᠤᠭᠰᠠᠨ ᠪᠦᠬᠦ ᠤᠷᠤᠨ ᠦ 《 ᠠᠷᠭᠠᠰᠤᠨ ᠬᠤᠨᠳ᠋ᠠᠭᠠᠳ᠋ᠤ 》 ᠮᠠᠷᠭᠤᠯᠳ᠋ᠤᠭᠠᠨ ᠦ ᠤᠷᠤᠯᠳ᠋ᠤᠭᠠᠨ ᠳᠤ ᠬᠡᠯᠡ ᠪᠢᠴᠢᠭ᠌ ᠤᠨ ᠲᠤᠭᠤᠢᠯᠠᠩ ᠤᠨ ᠪᠠᠭᠰᠢ ᠨᠠᠷ ᠴᠠᠭ ᠢ ᠠᠮᠵᠢᠨ ᠰᠤᠷᠤᠭᠴᠢ ᠰᠤᠩᠭᠤᠬᠤ ᠂ ᠪᠤᠯᠪᠠᠰᠤᠷᠠᠭᠤᠯᠬᠤ ᠵᠡᠷᠭᠡ ᠠᠵᠢᠯ ᠢ ᠰᠠᠢᠳ᠋ᠤᠷ ᠬᠢᠭ᠍ᠰᠡᠨ ᠪᠦᠭᠡᠳ ᠮᠠᠨ ᠦ ᠰᠤᠷᠭᠠᠭᠤᠯᠢ ᠠ᠋ᠴᠠ ᠬᠡᠷᠦᠯᠥᠨ ᠂ ᠬᠤᠰᠢᠭᠤᠴᠢ ᠂ ᠠᠶᠤᠩᠭ᠎ᠠ ᠂ ᠪᠤᠤ ᠨᠠᠨᠳ᠋ᠢᠨ ᠂ ᠤᠷᠬᠢᠯ ᠵᠡᠷᠭᠡ ᠵᠢᠷᠭᠤᠭᠠᠨ ᠰᠤᠷᠤᠭᠴᠢ ᠤᠷᠤᠯᠴᠠᠵᠤ ᠬᠤᠶᠠᠳ᠋ᠤᠭᠠᠷ ᠲᠡᠰ ᠲᠣ ᠤᠷᠤᠭᠰᠠᠨ ᠰᠢᠯᠢᠳ᠋ᠡᠭ᠌ ᠪᠦᠳ᠋ᠦᠮᠵᠢ ᠶᠢ ᠤᠯᠵᠤ ᠂ ᠰᠤᠷᠤᠭᠴᠢ ᠬᠡᠷᠦᠯᠥᠨ ᠪᠦᠬᠦ ᠤᠷᠤᠨ ᠦ 《 ᠰᠢᠯᠢᠳ᠋ᠡᠭ᠌ ᠮᠡᠳᠭᠡᠭᠴᠢ 》 ᠶᠢᠨ ᠱᠠᠩᠨ᠋ᠠᠯ ᠢ ᠬᠦᠷᠳ᠋ᠡᠭ᠍ᠰᠡᠨ ᠪᠠᠢᠨ᠎ᠠ ᠃

 ᠬᠤᠰᠢᠭᠤᠨ ᠦ ᠰᠤᠶᠤᠯ ᠲᠠᠮᠢᠷ ᠤᠨ ᠲᠤᠪᠴᠢᠶᠠᠨ ᠦ 《 ᠤᠶᠠᠩᠭ᠎ᠠ ᠶᠢᠨ ᠲᠦ᠋ᠷᠢᠯᠭᠡ ᠲᠡᠢ ᠤᠯᠠᠭᠠᠨᠬᠠᠳ᠋ᠠ 》  ᠬᠡᠬᠦ ᠤᠷᠤᠯᠳ᠋ᠤᠭᠠᠨ ᠢ ᠮᠠᠨ ᠦ ᠰᠤᠷᠭᠠᠭᠤᠯᠢ ᠲᠠᠭᠠᠭᠠᠴᠢᠯᠠᠨ ᠡᠷᠬᠢᠯᠡᠭ᠍ᠰᠡᠨ ᠢᠶᠡᠷ ᠮᠠᠨ ᠦ ᠰᠤᠷᠭᠠᠭᠤᠯᠢ ᠠ᠋ᠴᠠ 24 ᠰᠤᠷᠤᠭᠴᠢ ᠰᠢᠯᠢᠭ᠍ᠳ᠋ᠡᠨ ᠤᠷᠤᠯᠴᠠᠵᠤ ᠰᠢᠯᠢᠳ᠋ᠡᠭ᠌ ᠪᠦᠳ᠋ᠦᠮᠵᠢ ᠤᠯᠵᠤ ᠂  ᠰᠢᠯᠭᠠᠷᠠᠭᠰᠠᠨ ᠬᠤᠶᠠᠷ ᠰᠤᠷᠤᠭᠴᠢ ᠬᠤᠳ᠋ᠠ ᠳᠤ ᠤᠷᠤᠯᠳ᠋ᠤᠵᠤ ᠰᠢᠯᠢᠳ᠋ᠡᠭ᠌ ᠠᠮᠵᠢᠯᠳ᠋ᠠ ᠤᠯᠪᠠ ᠃

 ᠲᠠᠪᠤᠳ᠋ᠠᠬᠢ 《 ᠨᠠᠢᠮᠠᠨ ᠰᠢᠷᠭ᠎ᠠ 》 ᠵᠤᠬᠢᠶᠠᠯ ᠤᠨ ᠤᠷᠤᠯᠳ᠋ᠤᠭᠠᠨ ᠳᠤ ᠮᠠᠨ ᠦ ᠰᠤᠷᠭᠠᠭᠤᠯᠢ ᠠ᠋ᠴᠠ ᠪᠠᠶᠠᠨᠬᠤᠷᠸ᠎ᠠ ᠲᠡᠷᠢᠬᠦᠯᠡᠵᠤ ᠂ ᠬᠤᠶᠠᠳ᠋ᠤᠭᠠᠷ ᠲᠡᠰ ᠲᠣ ᠭᠤᠷᠪᠠᠨ ᠰᠤᠷᠤᠭᠴᠢ ᠂  ᠭᠤᠷᠪᠠᠳ᠋ᠤᠭᠠᠷ ᠲᠡᠰ ᠲᠣ 1 ᠰᠤᠷᠤᠭᠴᠢ ᠂ ᠰᠢᠯᠢᠳ᠋ᠡᠭ᠌ ᠲᠡᠰ ᠲᠣ 7 ᠰᠤᠷᠤᠭᠴᠢ ᠰᠢᠯᠭᠠᠷᠠᠭᠰᠠᠨ ᠪᠠᠢᠨ᠎ᠠ ᠃

 ( 5 ) ᠡᠯ᠎ᠠ ᠬᠢᠴᠢᠶᠠᠯ ᠲᠦ᠋ᠷᠤᠯ ᠤᠨ ᠪᠠᠭᠰᠢ ᠨᠠᠷ ᠰᠤᠷᠤᠭᠴᠢᠳ ᠤᠨ ᠲᠤᠷ᠎ᠠ ᠬᠦᠰᠡᠯ ᠳᠤ ᠨᠡᠢᠴᠡᠬᠦᠯᠤᠨ ᠢᠳ᠋ᠡᠪᠬᠢᠳ᠋ᠠᠢ ᠪᠠᠷ ᠰᠤᠩᠭᠤᠨ ᠰᠤᠷᠬᠤ ᠬᠢᠴᠢᠶᠠᠯ ᠨᠡᠭᠡᠭᠡᠵᠤ ᠬᠢᠴᠢᠶᠡᠯᠯᠡᠭᠡ ᠶᠢᠨ ᠠᠭᠤᠯᠭ᠎ᠠ ᠶᠢ ᠪᠠᠶᠠᠯᠢᠭᠵᠢᠭᠤᠯᠤᠨ ᠰᠤᠷᠤᠭᠴᠢ ᠶᠢᠨ ᠬᠦᠭᠵᠢᠯᠳ᠋ᠠ ᠶᠢ ᠠᠬᠢᠭᠤᠯᠪᠠ ᠃  ᠡᠬᠦᠨ ᠳᠤ ᠄

ᠲᠤᠭᠠᠨ ᠦ ᠲᠤᠭᠤᠢᠯᠠᠩ ᠄   《 ᠢᠲᠡᠭᠡᠯ ᠤᠨ ᠲᠦ᠋ᠷᠦᠭᠡ 》 ᠲᠠᠢᠴᠢᠯᠠᠯᠲᠠ ᠶᠢᠨ ᠢᠯᠡᠳᠬᠡᠯ

ᠬᠢᠮᠢ ᠶᠢᠨ ᠲᠤᠭᠤᠢᠯᠠᠩ ᠄  ᠬᠢᠮᠢ ᠶᠢᠨ ᠲᠡᠭ᠍ᠰᠢᠳᠬᠡᠯ ᠪᠢᠴᠢᠬᠦ ᠤᠷᠤᠯᠳ᠋ᠤᠭᠠᠨ

ᠤᠯᠤᠰ ᠲᠦ᠋ᠷᠦ ᠶᠢᠨ ᠲᠤᠭᠤᠢᠯᠠᠩ ᠄  ᠴᠠᠭ ᠤᠨ ᠪᠠᠢᠳ᠋ᠠᠯ ᠤᠨ ᠬᠠᠨ᠎ᠠ ᠶᠢᠨ ᠰᠤᠨ᠋ᠢᠨ ᠡᠷᠬᠢᠯᠡᠬᠦ

ᠬᠢᠲᠠᠳ ᠬᠡᠯᠡ ᠶᠢᠨ ᠲᠤᠭᠤᠢᠯᠠᠩ ᠄  ᠰᠤᠨ᠋ᠤᠰᠤᠨ ᠪᠢᠴᠢᠬᠦ ᠤᠷᠤᠯᠳ᠋ᠤᠭᠠᠨ

ᠠᠩᠭᠯᠢ ᠬᠡᠯᠡ ᠶᠢᠨ ᠲᠤᠭᠤᠢᠯᠠᠩ ᠄ ᠢᠰᠦ᠋ᠰ ᠤᠨ ᠮᠡᠨᠳ᠋ᠦᠯᠡᠭ᠍ᠰᠡᠨ ᠪᠠᠶᠠᠷ ᠤᠨ ᠡᠳ᠋ᠦᠷ ᠢ ᠪᠡᠯᠭᠡᠯᠡᠬᠦ ᠬᠦᠳ᠋ᠡᠯᠭᠡᠭᠡᠨ

ᠲᠠᠮᠢᠷ ᠤᠨ ᠲᠤᠭᠤᠢᠯᠠᠩ  ( 7 ᠤᠳ᠋ᠠᠭ᠎ᠠ ) ᠄ ᠲᠡᠭᠡᠲᠤ ᠨᠢᠭᠡ ᠶᠢᠨ ᠰᠢᠨ᠎ᠡ ᠰᠤᠷᠤᠭᠴᠢᠳ ᠤᠨ ᠡᠷᠡᠭ᠍ᠲᠡᠢ ᠶᠢᠨ ᠰᠠᠭᠰᠤᠨ ᠪᠦᠮᠪᠦᠭᠡ ᠂ ᠡᠮᠡᠭ᠍ᠲᠡᠢ ᠰᠤᠷᠤᠭᠴᠢᠳ ᠤᠨ ᠠᠯᠠᠭᠠᠳ᠋ᠠᠬᠤ ᠪᠦᠮᠪᠦᠬᠡ ᠶᠢᠨ  ᠤᠷᠤᠯᠳ᠋ᠤᠭᠠᠨ  ᠂ ᠪᠦᠬᠦ ᠰᠤᠷᠭᠠᠭᠤᠯᠢ ᠶᠢᠨ ᠬᠡᠪᠴᠢᠶᠡᠨ ᠦ ᠰᠠᠭᠰᠤᠨ ᠪᠦᠮᠪᠦᠭᠡ ᠂ ᠠᠯᠠᠭᠠᠳ᠋ᠠᠬᠤ ᠪᠦᠮᠪᠦᠭᠡ ᠂ ᠬᠦᠯ ᠪᠦᠮᠪᠦᠭᠡ ᠂ ᠲᠡᠪᠡᠭ᠌ ᠢᠰᠭᠦᠯᠬᠦ ᠂ ᠬᠡᠬᠡᠷᠯᠡᠨ ᠬᠦᠶᠦᠬᠦ ᠤᠷᠤᠯᠳ᠋ᠤᠭᠠᠨ

ᠬᠡᠯᠡ ᠪᠢᠴᠢᠭ᠌ ᠤᠨ ᠲᠤᠭᠤᠢᠯᠠᠩ  ᠄  《 ᠪᠢᠯᠢᠭ᠌ ᠤᠨ ᠡᠷᠴᠢᠰ 》  ᠵᠤᠬᠢᠶᠠᠨ ᠪᠢᠴᠢᠯᠭᠡ ᠶᠢᠨ ᠤᠷᠤᠯᠳ᠋ᠤᠭᠠᠨ ᠂  ᠲᠡᠭᠡᠳ᠋ᠤ ᠨᠢᠭᠡ ᠂  ᠲᠡᠭᠡᠳ᠋ᠤ ᠬᠤᠶᠠᠷ ᠤᠨ ᠰᠤᠷᠤᠭᠴᠢᠳ ᠤᠨ ᠰᠤᠨ᠋ᠤᠰᠤᠨ ᠪᠢᠴᠢᠯᠭᠡ ᠶᠢᠨ ᠤᠷᠤᠯᠳ᠋ᠤᠭᠠᠨ

 ᠲᠦ᠋ᠷᠪᠡ ᠂ ᠪᠤᠰᠤᠳ ᠠᠵᠢᠯ ᠤᠨ ᠲᠠᠯ᠎ᠠ ᠪᠠᠷ

1. ᠰᠤᠷᠭᠠᠭᠤᠯᠢ ᠡᠬᠢᠯᠡᠬᠦ ᠬᠤᠷᠠᠯ ᠳᠤ ᠰᠤᠷᠤᠯᠭ᠎ᠠ ᠮᠤᠷᠠᠯ ᠬᠤᠤᠰᠯᠠᠭᠰᠠᠨ115 ᠰᠤᠷᠤᠭᠴᠢ ᠂ ᠰᠢᠯᠢᠳ᠋ᠡᠭ᠌ ᠰᠤᠷᠤᠯᠭᠠᠳ᠋ᠠᠨ81 ᠰᠤᠷᠤᠭᠴᠢ ᠂ ᠲᠠᠪᠰᠢᠯᠳ᠋ᠠ ᠲᠡᠢ 115ᠰᠤᠷᠤᠭᠴᠢ ᠶᠢ  ᠰᠢᠯᠭᠠᠷᠠᠭᠤᠯᠤᠨ ᠱᠠᠩᠨ᠋ᠠᠪᠠ ᠃ ᠬᠤᠭᠤᠴᠠᠭᠠᠨ ᠡᠬᠢᠨ ᠳᠤ ᠡᠯ᠎ᠠ ᠤᠨ ᠦ ᠲᠤᠭᠤᠢᠯᠠᠩ ᠤᠨ ᠡᠮᠦᠨ᠎ᠠ 20 ᠰᠤᠷᠤᠭᠴᠢ ᠶᠢᠨ ᠴᠤᠯᠠ ᠶᠢ ᠰᠠᠮᠪᠠᠷ᠎ᠠ ᠳᠤ ᠭᠠᠷᠭᠠᠵᠤ ᠂ ᠬᠤᠭᠤᠴᠠᠭᠠᠨ ᠲᠤᠮᠳ᠋ᠠᠬᠢ ᠰᠢᠯᠭᠠᠯᠳ᠋ᠠ ᠶᠢᠨ ᠰᠤᠳ᠋ᠤᠨ105 ᠰᠤᠷᠤᠭᠴᠢ  ᠶᠢᠨ ᠠᠯᠳ᠋ᠠᠷ ᠢ LED ᠰᠠᠮᠪᠠᠷ᠎ᠠ ᠳᠤ ᠭᠠᠷᠭᠠᠵᠤ ᠠᠯᠳ᠋ᠠᠷᠰᠢᠭᠤᠯᠪᠠ ᠃

2. ᠵᠢᠷᠠᠨ ᠵᠢᠯ ᠤᠨ ᠤᠢ ᠳᠤ ᠵᠤᠷᠢᠭᠤᠯᠤᠭᠰᠠᠨ ᠰᠡᠬᠦᠳ᠋ᠡᠷ ᠵᠢᠷᠤᠭ ᠠᠪᠬᠤ ᠠᠵᠢᠯ ᠳᠤ ᠬᠠᠮᠵᠢᠪᠠ ᠃

3. ᠲᠤᠰ ᠵᠢᠯ 21 ᠲᠠᠳ᠋ᠤᠯᠭ᠎ᠠ ᠶᠢᠨ ᠤᠶᠤᠳ᠋ᠠᠨ ᠳᠤ ᠵᠢᠭᠠᠨ ᠰᠤᠷᠭᠠᠯᠳ᠋ᠠ ᠶᠢᠨ ᠲᠠᠳ᠋ᠤᠯᠭ᠎ᠠ ᠶᠢᠨ ᠪᠤᠯᠪᠠᠰᠤᠷᠠᠯ ᠤᠯᠭᠤᠵᠤ ᠂ ᠮᠠᠨ ᠦ ᠰᠤᠷᠭᠠᠭᠤᠯᠢ ᠨᠢ ᠪᠠᠭᠰᠢ ᠶᠢᠨ ᠶᠡᠭᠡ ᠰᠤᠷᠭᠠᠭᠤᠯᠢ ᠶᠢᠨ  ᠮᠤᠩᠭᠤᠯ ᠰᠤᠳ᠋ᠤᠯᠤᠯ ᠤᠨ ᠲᠡᠭᠡᠳ᠋ᠤ ᠰᠤᠷᠭᠠᠭᠤᠯᠢ ᠶᠢᠨ ᠲᠠᠳ᠋ᠤᠯᠭ᠎ᠠ ᠶᠢᠨ ᠰᠠᠭᠤᠷᠢᠨ ᠭᠠᠵᠠᠷ ᠪᠤᠯᠤᠭᠰᠠᠨ ᠪᠠᠢᠨ᠎ᠠ  ᠃

4. ᠪᠠᠭᠰᠢ ᠨᠠᠷ ᠤᠨ ᠠᠵᠢᠯ ᠤᠨ ᠦᠨ᠋ᠡᠯᠡᠯᠳ᠋ᠠ ᠶᠢᠨ ᠲᠤᠭᠠᠴᠢᠯᠠᠭᠰᠠᠨ ᠬᠦᠰᠦᠨ᠋ᠦᠭ᠌ ᠤᠨ ᠬᠡᠪ ᠬᠢᠵᠤ ᠂ ᠦᠷ᠎ᠠ ᠠᠰᠢᠭᠳ᠋ᠤ ᠴᠠᠯᠢᠩ ᠤᠨ ᠲᠤᠭᠠᠴᠠᠭ᠎ᠠ ᠂  ᠵᠢᠯ ᠤᠨ ᠡᠴᠦᠰ ᠤᠨ ᠬᠢᠨ᠋ᠠᠨ ᠦᠨ᠋ᠡᠯᠡᠯᠳ᠋ᠠ ᠶᠢᠨ ᠬᠤᠪᠢ ᠨᠤᠷᠮ᠎ᠠ ᠶᠢ ᠮᠠᠰᠢᠨ ᠳᠤ ᠲᠡᠮᠳ᠋ᠡᠭᠯᠡᠵᠤ ᠬᠠᠮᠳ᠋ᠤ ᠤᠯᠠᠨ ᠦ ᠬᠢᠨ᠋ᠠᠯᠳ᠋ᠠ ᠳᠤ ᠲᠦ᠋ᠬᠦᠮ ᠦᠵᠡᠬᠦᠯᠦᠭ᠍ᠰᠡᠨ ᠪᠠᠢᠨ᠎ᠠ ᠃

5. ᠸᠸᠴᠠᠢᠲ ᠤᠨ ᠲᠠᠪᠴᠠᠩ ᠭᠠᠷᠭᠠᠵᠤ ᠂ ᠰᠤᠷᠤᠭᠴᠢ ᠡᠯᠰᠡᠬᠦ ᠠᠵᠢᠯ ᠪᠠ ᠰᠤᠷᠭᠠᠭᠤᠯᠢ ᠶᠢᠨ ᠠᠵᠢᠯᠯᠠᠭᠠᠨ ᠬᠦᠳ᠋ᠡᠯᠭᠡᠭᠡᠨ ᠂ ᠢᠷᠠᠭᠤ ᠠᠯᠳ᠋ᠠᠷ ᠢ ᠨᠡᠢᠭᠡᠮ ᠲᠠᠶᠠᠭᠠᠷ ᠲᠣ ᠤᠬᠠᠭᠤᠯᠤᠭᠰᠠᠨ ᠪᠠᠢᠨ᠎ᠠ ᠃

6. ᠤᠷᠤᠨ ᠦ ᠵᠢᠭᠠᠨ ᠰᠤᠷᠭᠠᠯᠳ᠋ᠠ ᠶᠢᠨ ᠨᠡᠢᠭᠡᠮᠯᠢᠭ᠌ ᠤᠨ ᠶᠠᠪᠤᠭᠳ᠋ᠠᠭᠤᠯᠤᠭᠰᠠᠨ ᠪᠠᠭᠰᠢ ᠨᠠᠷ ᠤᠨ ᠵᠢᠭᠠᠬᠤ ᠲᠦ᠋ᠰᠤᠯ ᠤᠨ ᠤᠷᠤᠯᠳ᠋ᠤᠭᠠᠨ ᠳᠤ ᠮᠠᠨ ᠦ ᠰ ᠤᠷᠭᠠᠭᠤᠯᠢ ᠠ᠋ᠴᠠ 29  ᠪᠠᠭᠰᠢ ᠶᠢ  ᠤᠷᠤᠯᠴᠠᠭᠤᠯᠵᠤ  ᠬᠤᠷᠢ ᠶᠢᠰᠦᠬᠦᠯᠠ ᠪᠡᠨ  ᠪᠠᠭᠰᠢ  ᠱᠠᠩᠨ᠋ᠠᠯ  ᠬᠦᠷᠳ᠋ᠡᠭ᠍ᠰᠡᠨ ᠪᠠᠢᠨ᠎ᠠ ᠃

 ᠲᠠᠪᠤ ᠂  ᠤᠷᠤᠰᠢᠵᠤ ᠪᠠᠢᠬᠤ ᠠᠰᠠᠭᠤᠳ᠋ᠠᠯ ᠂  ᠵᠠᠰᠠᠵᠤ ᠵᠠᠯᠠᠷᠠᠭᠤᠯᠬᠤ ᠲᠠᠯ᠎ᠠ ᠪᠠᠷ

1.  ᠬᠢᠴᠢᠶᠠᠯ ᠡᠷᠬᠢᠯᠡᠬᠦ ᠭᠠᠵᠠᠷ ᠤᠨ ᠪᠠᠭᠰᠢ ᠨᠠᠷ ᠤᠨ ᠠᠵᠢᠯ ᠤᠨ ᠲᠤᠷᠰᠢᠯᠭ᠎ᠠ ᠂  ᠴᠢᠳ᠋ᠠᠪᠤᠷᠢ ᠶᠢᠨ ᠬᠢᠵᠠᠭᠠᠷᠯᠠᠯ ᠠ᠋ᠴᠠ ᠰᠤᠷᠭᠠᠭᠤᠯᠢ ᠶᠢᠨ ᠵᠢᠭᠠᠨ ᠰᠤᠷᠭᠠᠯᠳ᠋ᠠ ᠶᠢᠨ ᠠᠵᠢᠯ ᠳᠤ ᠦᠨ᠋ᠡᠨ ᠬᠦ ᠰᠠᠢᠨ ᠦᠢᠯᠡᠴᠢᠯᠡᠵᠤ ᠴᠢᠳ᠋ᠠᠭᠰᠠᠨ ᠦᠭᠡᠢ ᠃  ᠬᠢᠴᠢᠶᠠᠯ ᠡᠷᠬᠢᠯᠡᠬᠦ ᠭᠠᠵᠠᠷ ᠤᠨ ᠡᠷᠬᠢᠯᠡᠭᠴᠢ ᠨᠠᠷ ᠠᠩᠬᠢ ᠲᠠᠭᠠᠭᠠᠬᠤ ᠂  ᠬᠢᠴᠢᠶᠠᠯ ᠤᠷᠤᠬᠤ ᠂ ᠪᠤᠰᠤᠳ ᠠᠵᠢᠯ ᠡᠬᠦᠷᠭᠡ ᠶᠢ ᠠᠮᠵᠢᠭᠤᠯᠤᠨ ᠬᠢᠬᠦ ᠠ᠋ᠴᠠ ᠪᠤᠯᠵᠤ ᠵᠠᠷᠢᠮ ᠲᠠᠯ᠎ᠠ ᠶᠢᠨ ᠠᠵᠢᠯ ᠴᠠᠯᠠᠭᠠᠢᠷᠠᠬᠤ ᠂  ᠬᠤᠵᠢᠮᠳ᠋ᠠᠬᠤ ᠵᠡᠷᠭᠡ ᠦᠵᠡᠭ᠍ᠳ᠋ᠡᠯ ᠢᠯᠡᠷᠡᠭ᠍ᠰᠡᠨ ᠨᠢ ᠢᠯᠡᠷᠭᠡᠢ ᠃

2.  ᠬᠤᠭᠤᠴᠠᠭᠠᠨ ᠡᠬᠢᠨ ᠳᠤ ᠲᠦ᠋ᠯᠦᠪᠯᠡᠭ᠍ᠰᠡᠨ ᠨᠤᠮ ᠤᠨ ᠰᠠᠩ ᠂ ᠲᠤᠷᠰᠢᠯᠳ᠋ᠠ ᠶᠢᠨ ᠬᠡᠷ ᠤᠨ ᠪᠠᠢᠭᠤᠯᠤᠯᠳ᠋ᠠ ᠶᠢᠨ ᠠᠵᠢᠯ ᠢ ᠬᠢᠵᠤ ᠪᠠᠶᠡᠯᠡᠬᠦᠯᠵᠤ ᠴᠢᠳ᠋ᠠᠭᠰᠠᠨ ᠦᠭᠡᠢ ᠃ ᠲᠡᠭᠡᠳ᠋ᠤ ᠨᠢᠭᠡᠳ᠋ᠦᠭᠡᠷ ᠤᠨ ᠦ  ᠤᠷᠠᠯᠢᠭ  ᠰᠤᠨ᠋ᠢᠷᠠᠬᠠᠯ ᠤᠨ  ᠬᠢᠴᠢᠶᠠᠯ ᠢ ᠲᠤᠬᠢᠷᠠᠭᠤᠯᠵᠤ  ᠲᠠᠢᠯᠦᠭ᠍ᠰᠡᠨ ᠦᠭᠡᠢ ᠃

3.  ᠬᠤᠢᠰᠢᠳ᠋ᠠ ᠠᠵᠢᠯ ᠤᠨ ᠤᠷ᠎ᠠ ᠲᠠᠮ ᠢᠶᠡᠨ ᠲᠡᠭᠡᠭ᠍ᠰᠢᠯᠡᠬᠦᠯᠥᠨ ᠂ ᠪᠦᠬᠦ ᠲᠠᠯ᠎ᠠ ᠶᠢᠨ ᠵᠤᠬᠢᠴᠠᠯᠳ᠋ᠤᠭ᠎ᠠ ᠶᠢ ᠠᠩᠬᠠᠷᠴᠤ ᠮᠠᠨ ᠦ ᠰᠤᠷᠭᠠᠭᠤᠯᠢ ᠶᠢᠨ ᠵᠢᠭᠠᠨ ᠰᠤᠷᠭᠠᠯᠳ᠋ᠠ ᠶᠢᠨ ᠠᠵᠢᠯ ᠳᠤ ᠨᠡᠩ ᠰᠠᠢᠨ ᠦᠢᠯᠡᠴᠢᠯᠡᠬᠦ ᠪᠠᠷ ᠴᠢᠷᠮᠠᠢᠨ᠎ᠠ ᠃

2016.1.20

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号