123456 0476-6223398
ᠵᠢᠭᠠᠨ ᠰᠤᠷᠭᠠᠯᠲᠠ ᠬᠢᠴᠢᠶᠡᠯ ᠬᠦᠮᠦᠵᠢᠯ
ᠵᠢᠭᠠᠨ ᠰᠤᠷᠭᠠᠯᠳ᠋ᠠ ᠶᠢᠨ ᠬᠠᠮᠢᠶᠠᠷᠤᠯᠳ᠋ᠠ
2016.08.18 ᠲᠣᠰ ᠥᠷᠲᠡᠭᠡᠨ ᠦ ᠨᠠᠢᠷᠠᠭᠤᠯᠤᠭᠴᠢ

ᠵᠢᠭᠠᠨ ᠰᠤᠷᠭᠠᠯᠳ᠋ᠠ ᠶᠢᠨ ᠬᠠᠮᠢᠶᠠᠷᠤᠯᠳ᠋ᠠ

1.  ᠬᠢᠴᠢᠶᠠᠯ ᠤᠨ ᠬᠠᠮᠢᠶᠠᠷᠤᠯᠳ᠋ᠠ

ᠰᠤᠷᠭᠠᠭᠤᠯᠢ ᠨᠢ 《 ᠦᠪᠤᠷ ᠮᠤᠩᠭᠤᠯ ᠤᠷᠤᠨ ᠦ ᠰᠢᠨ᠎ᠠ ᠬᠢᠴᠢᠶᠡᠯᠯᠡᠭᠡ ᠶᠢᠨ ᠪᠠᠷᠢᠮᠵᠢᠶ᠎ᠠ 》 ᠶᠢᠨ ᠬᠢᠴᠢᠶᠠᠯ ᠤᠨ ᠲᠤᠬᠢᠷᠠᠭᠤᠯᠤᠯᠳ᠋ᠠ ᠶᠢ ᠮᠦ᠋ᠷᠳ᠋ᠡᠵᠤ ᠰᠤᠷᠭᠠᠭᠤᠯᠢ ᠶᠢᠨ ᠪᠤᠳ᠋ᠠᠳ᠋ᠤ ᠪᠠᠢᠳ᠋ᠠᠯ ᠲᠡᠢ ᠪᠡᠨ  ᠤᠶᠠᠯᠳ᠋ᠤᠭᠤᠯᠤᠨ ᠤᠯᠤᠰ ᠤᠨ ᠲᠤᠭᠳ᠋ᠠᠭᠠᠯᠳ᠋ᠤ ᠬᠢᠴᠢᠶᠠᠯ ᠪᠦᠬᠦᠨ ᠢ ᠨᠡᠭᠡᠭᠡᠬᠦ ᠶᠢ ᠪᠠᠷᠢᠮᠳ᠋ᠠᠯᠠᠵᠤ ᠢᠷᠡᠭ᠍ᠰᠡᠨ ᠪᠦᠭᠡᠳ ᠰᠤᠷᠤᠭᠴᠢ ᠶᠢᠨ ᠬᠦᠭᠵᠢᠯᠳ᠋ᠠ ᠶᠢ ᠠᠬᠢᠭᠤᠯᠬᠤ ᠶᠢᠨ ᠲᠤᠯᠠᠳ᠋ᠠ ᠰᠤᠷᠭᠠᠭᠤᠯᠢ ᠪᠠᠷ ᠦᠪᠯᠡᠭ᠍ᠰᠡᠨ ᠬᠢᠴᠢᠶᠠᠯ ᠂ ᠤᠢᠯᠡᠳ᠋ᠦᠯᠭᠡ ᠶᠢᠨ ᠬᠢᠴᠢᠶᠠᠯ ᠂ ᠨᠤᠮ ᠤᠩᠰᠢᠯᠭ᠎ᠠ ᠶᠢᠨ ᠬᠢᠴᠢᠶᠠᠯ  ᠵᠡᠷᠭᠡ ᠶᠢ ᠢᠳ᠋ᠡᠪᠬᠢᠳ᠋ᠠᠢ ᠬᠠᠢᠨ ᠬᠢᠴᠢᠶᠡᠯᠯᠡᠵᠤ  ᠪᠠᠢᠨ᠎ᠠ ᠃

2007 ᠤᠨ ᠠ᠋ᠴᠠ ᠡᠬᠢᠯᠡᠨ ᠲᠤᠷ᠎ᠠ ᠰᠤᠨ᠋ᠢᠷᠬᠠᠯᠳ᠋ᠤ ᠲᠤᠭᠤᠢᠯᠠᠩ ᠤᠨ ᠰᠤᠷᠤᠯᠴᠠᠯᠭ᠎ᠠ ᠶᠢ ᠴᠢᠩᠭᠠᠳᠬᠠᠵᠤ ᠂ ᠲᠤᠰᠬᠠᠢ ᠪᠠᠭᠰᠢ ᠪᠠᠷ ᠬᠠᠷᠢᠭᠤᠴᠠᠭᠤᠯᠵᠤ ᠬᠢᠯᠭᠡᠬᠦ ᠪᠠᠷ ᠪᠤᠯᠪᠠ ᠃

2008 ᠤᠨ ᠠ᠋ᠴᠠ 《 ᠨᠤᠮ ᠤᠨ ᠬᠦᠯᠭᠡ 》 ᠨᠤᠮ ᠤᠩᠰᠢᠬᠤ ᠰᠤᠷᠤᠯᠴᠠᠯᠭ᠎ᠠ ᠶᠢ ᠡᠷᠬᠢᠯᠡᠵᠤ ᠭᠠᠷᠠᠭ ᠪᠦᠷᠢ ᠶᠢᠨ ᠭᠤᠷᠪᠠᠨ ᠦ ᠰᠡᠬᠦᠯᠴᠢ ᠶᠢᠨ ᠬᠤᠶᠠᠷ ᠬᠢᠴᠢᠶᠠᠯ ᠢ ᠰᠤᠷᠤᠭᠴᠢᠳ ᠤᠨ ᠨᠤᠮ ᠤᠩᠰᠢᠨ ᠲᠡᠮᠳ᠋ᠡᠭᠯᠡᠯ ᠬᠢᠬᠦ ᠲᠤᠰᠬᠠᠢ ᠴᠠᠭ ᠪᠤᠯᠭᠠᠨ ᠲᠤᠬᠢᠷᠠᠭᠤᠯᠪᠠ ᠃

2009 ᠤᠨ ᠦ 3 ᠰᠠᠷ᠎ᠠ ᠠ᠋ᠴᠠ ᠡᠬᠢᠯᠡᠨ ᠰᠠᠭᠤᠷᠢ ᠤᠨ ᠦ ᠰᠤᠷᠤᠭᠴᠢᠳ ᠲᠣ ᠭᠠᠷᠠᠭ ᠪᠦᠷᠢ ᠶᠢᠨ ᠭᠤᠷᠪᠠᠨ ᠳᠤ ᠦᠪᠤᠷ ᠮᠤᠩᠭᠤᠯ ᠤᠨ ᠮᠤᠩᠭᠤᠯ ᠤᠳ᠋ᠤᠨ ᠲᠸᠯᠸᠢᠰ ᠤᠨ 《 ᠰᠤᠶᠤᠯ ᠡᠷᠳ᠋ᠡᠨ᠋ᠢ 》 ᠲᠡᠯᠭᠡᠴᠠ ᠶᠢ ᠤᠷᠤᠢ ᠶᠢᠨ ᠲᠠᠪᠳ᠋ᠠᠯᠭ᠎ᠠ ᠳᠤ ᠦᠵᠡᠬᠦᠯᠬᠦ ᠪᠠᠷ ᠪᠤᠯᠪᠠ ᠃

2010 ᠤᠨ ᠠ᠋ᠴᠠ 《 ᠮᠤᠩᠭᠤᠯ ᠦᠨᠳ᠋ᠦᠰᠦᠳ᠋ᠡᠨ ᠦ ᠲᠡᠥᠭᠡ ᠰᠤᠶᠤᠯ 》  ᠬᠡᠬᠦ ᠬᠢᠴᠢᠶᠠᠯ ᠲᠡᠭᠡᠷ᠎ᠡ 《 ᠮᠤᠩᠭᠤᠯ ᠰᠤᠶᠤᠯ 》 ᠬᠡᠬᠦ ᠬᠢᠴᠢᠶᠠᠯ ᠢ ᠨᠡᠮᠡᠨ ᠨᠡᠭᠡᠭᠡᠪᠡ ᠃

2011 ᠤᠨ ᠠ᠋ᠴᠠ ᠲᠡᠭᠡᠳ᠋ᠤ ᠲᠤᠮᠳ᠋ᠠᠳ᠋ᠤ ᠶᠢᠨ ᠰᠤᠷᠤᠯᠭ᠎ᠠ ᠶᠢᠨ ᠬᠢᠷᠢ ᠬᠡᠮ ᠤᠨ ᠰᠢᠯᠭᠠᠯᠳ᠋ᠠ ᠡᠬᠢᠯᠡᠭ᠍ᠰᠡᠨ ᠠ᠋ᠴᠠ ᠬᠢᠷᠢ ᠬᠡᠮ ᠤᠨ ᠰᠢᠯᠭᠠᠯᠳ᠋ᠠ ᠳᠤ ᠤᠷᠤᠯᠴᠠᠬᠤ ᠬᠢᠴᠢᠶᠠᠯ ᠲᠥ᠋ᠷᠥᠯ ᠢ ᠭᠠᠷᠠᠭ ᠪᠦᠷᠢ ᠬᠤᠶᠠᠷ ᠬᠢᠴᠢᠶᠠᠯ  ᠳᠣᠬᠢᠷᠠᠭᠤᠯᠤᠨ ᠵᠢᠭᠠᠬᠤ ᠪᠤᠯᠪᠠ ᠃

2012 ᠤᠨ ᠠ᠋ᠴᠠ ᠲᠡᠭᠡᠳ᠋ᠤ ᠱᠠᠳ᠋ᠤᠨ ᠦ ᠱᠠᠭᠠᠷᠳ᠋ᠠᠯᠭ᠎ᠠ ᠶᠤᠰᠤᠭᠠᠷ ᠠᠮᠤᠷ ᠲᠦ᠋ᠪᠰᠢᠨ ᠂ ᠰᠡᠳᠬᠢᠴᠠ ᠶᠢᠨ ᠬᠦᠮᠦᠵᠢᠯ ᠢ ᠭᠠᠷᠠᠭ ᠪᠦᠷᠢ ᠨᠢᠭᠡ ᠬᠢᠴᠢᠶᠠᠯ ᠲᠤᠬᠢᠷᠠᠭᠤᠯᠵᠤ ᠂ ᠠᠩᠬᠢ ᠡᠷᠬᠢᠯᠡᠭᠴᠢ ᠠ᠋ᠴᠠ ᠲᠠᠭᠠᠭᠠᠨ ᠬᠢᠴᠢᠶᠡᠯᠯᠡᠵᠤ ᠪᠠᠢᠭᠰᠠᠨ ᠠ᠋ᠴᠠ 2013 ᠤᠨ ᠠ᠋ᠴᠠ ᠲᠤᠰᠬᠠᠢ ᠪᠠᠭᠰᠢ ᠲᠤᠬᠢᠷᠠᠭᠤᠯᠵᠤ ᠬᠢᠴᠢᠶᠡᠯᠯᠡᠬᠦ ᠪᠠᠷ ᠪᠤᠯᠪᠠ ᠃

2014 ᠤᠨ ᠳᠤ 《 ᠦᠯᠦᠭᠡᠢ ᠨᠤᠳ᠋ᠤᠭ ᠂ ᠦᠪ ᠰᠤᠶᠤᠯ 》 ᠬᠡᠬᠦ ᠬᠢᠴᠢᠶᠠᠯ ᠨᠡᠭᠡᠭᠡᠵᠤ ᠨᠤᠳ᠋ᠤᠭ ᠤᠰᠤᠨ ᠳᠤ ᠪᠡᠨ ᠠᠯᠳ᠋ᠠᠷ ᠲᠡᠢ ᠡᠷᠳ᠋ᠡᠮᠳ᠋ᠡᠨ ᠲᠤᠮᠤᠭᠠᠳ᠋ᠠᠨ ᠢ ᠤᠷᠢᠵᠤ ᠬᠢᠴᠢᠶᠠᠯ ᠤᠷᠤᠭᠤᠯᠬᠤ ᠪᠠᠷ ᠪᠤᠯᠪᠠ ᠃

2014 ᠤᠨ ᠳᠤ ᠰᠤᠷᠤᠭᠴᠢᠳ ᠤᠨ ᠦᠢᠯᠡᠳ᠋ᠦᠯᠭᠡ ᠶᠢᠨ ᠬᠢᠴᠢᠶᠠᠯ ᠢ ᠨᠡᠭᠡᠭᠡᠵᠤ ᠭᠠᠷᠠᠭ ᠪᠦᠷᠢ ᠨᠢᠭᠡ ᠬᠢᠴᠢᠶᠠᠯ ᠲᠤᠬᠢᠷᠠᠭᠤᠯᠪᠠ ᠃  ᠦᠢᠯᠡᠳ᠋ᠦᠯᠭᠡ ᠶᠢᠨ ᠬᠢᠴᠢᠶᠠᠯ ᠢ ᠲᠠᠮᠢᠷ ᠤᠨ ᠪᠠᠭᠰᠢ ᠨᠠᠷ ᠵᠤᠬᠢᠶᠠᠨ ᠪᠠᠢᠭᠤᠯᠵᠤ ᠪᠠᠢᠪᠠ ᠃ 2016 ᠤᠨ ᠠ᠋ᠴᠠ ᠰᠤᠷᠤᠭᠴᠢ ᠬᠤᠷᠠᠯ ᠤᠨ ᠬᠡᠰᠢᠬᠦᠳ ᠬᠠᠷᠢᠭᠤᠴᠠᠨ ᠬᠠᠮᠢᠶᠠᠷᠬᠤ ᠪᠤᠯᠪᠠ ᠃

2016 ᠤᠨ ᠳᠤ 《 ᠬᠡᠰᠡᠷ ᠰᠤᠶᠤᠯ 》 ᠬᠡᠮᠡᠬᠦ ᠤᠷᠤᠨ ᠨᠤᠳ᠋ᠤᠭ ᠤᠨ ᠬᠢᠴᠢᠶᠠᠯ ᠤᠨ ᠪᠢᠴᠢᠭ᠌ ᠬᠡᠪᠯᠡᠭ᠍ᠳ᠋ᠡᠭ᠍ᠰᠡᠨ ᠠ᠋ᠴᠠ 《 ᠬᠡᠰᠡᠷ ᠰᠤᠶᠤᠯ 》 ᠬᠡᠮᠡᠬᠦ ᠬᠢᠴᠢᠶᠠᠯ ᠨᠡᠭᠡᠭᠡᠪᠡ ᠃ ᠨᠡᠢᠭᠡᠮ ᠤᠨ ᠦᠢᠯᠡᠳ᠋ᠦᠯᠭᠡ ᠶᠢᠨ ᠬᠢᠴᠢᠶᠠᠯ ᠢ ᠰᠤᠷᠤᠭᠴᠢᠳ ᠤᠨ ᠡᠪᠤᠯ ᠵᠤᠨ ᠦ ᠠᠮᠠᠷᠠᠯᠳ᠋ᠠ ᠶᠢᠨ ᠬᠤᠭᠤᠴᠠᠭᠠᠨ ᠳᠤ ᠰᠤᠷᠤᠭᠴᠢᠳ ᠨᠡᠢᠭᠡᠮ ᠶᠢᠨ ᠦᠢᠯᠡᠳ᠋ᠦᠯᠭᠡ ᠶᠢᠨ ᠲᠡᠮᠳ᠋ᠡᠭᠯᠡᠯ ᠂  ᠨᠡᠢᠭᠡᠮ ᠤᠨ ᠪᠠᠢᠴᠠᠭᠠᠯᠳ᠋ᠠ ᠶᠢᠨ ᠲᠡᠮᠳ᠋ᠡᠭᠯᠡᠯ  ᠪᠢᠴᠢᠭᠦᠯᠦᠨ ᠰᠢᠯᠭᠠᠷᠠᠭᠤᠯᠬᠤ ᠮᠠᠴᠢᠭ ᠢᠶᠡᠷ ᠡᠷᠬᠢᠯᠡᠵᠦ ᠪᠠᠢᠬᠤ ᠪᠤᠢ ᠃

2. ᠰᠤᠷᠤᠯᠭ᠎ᠠ ᠶᠢᠨ ᠨᠠᠮᠳ᠋ᠠᠷ ᠤᠨ ᠬᠠᠷᠢᠶ᠎ᠠ ᠬᠠᠮᠢᠶᠠᠷᠤᠯᠳ᠋ᠠ

ᠰᠤᠷᠭᠠᠭᠤᠯᠢ ᠨᠢ ᠰᠤᠷᠤᠭᠴᠢᠳ ᠤᠨ ᠰᠤᠷᠤᠯᠭ᠎ᠠ ᠶᠢᠨ ᠨᠠᠮᠳ᠋ᠠᠷ ᠤᠨ ᠬᠠᠮᠢᠶᠠᠷᠤᠯᠳ᠋ᠠ ᠶᠢᠨ ᠠᠵᠢᠯ ᠢ  ᠳᠥ᠋ᠷᠢᠮᠵᠢᠭᠦᠨ ᠭᠦᠢᠴᠡᠳᠬᠡᠵᠦ ᠂ ᠬᠢᠴᠢᠶᠠᠯ ᠡᠷᠬᠢᠯᠡᠬᠦ ᠭᠠᠵᠠᠷ ᠠ᠋ᠴᠠ ᠭᠤᠤᠯᠴᠢᠯᠠᠨ ᠬᠠᠮᠢᠶᠠᠷᠴᠤ ᠢᠷᠡᠪᠡ ᠃  2012 ᠤᠨ ᠠ᠋ᠴᠠ ᠰᠤᠷᠤᠯᠭ᠎ᠠ ᠶᠢᠨ ᠨᠠᠮᠳ᠋ᠠᠷ ᠢ ᠤᠯᠤᠰ ᠤᠨ ᠰᠦ᠋ᠯᠵᠢᠶᠠᠨ ᠳᠤ ᠲᠡᠮᠳ᠋ᠡᠭᠯᠡᠬᠦ ᠠᠵᠢᠯ ᠡᠬᠢᠯᠡᠭ᠍ᠰᠡᠨ ᠲᠤᠯᠠ ᠲᠤᠰᠬᠠᠢ ᠬᠠᠮᠢᠶᠠᠷᠤᠭᠴᠢ ᠠ᠋ᠴᠠ ᠭᠠᠷᠳ᠋ᠠᠨ ᠬᠢᠵᠦ ᠪᠣᠢ ᠃ ᠰᠤᠷᠤᠯᠭ᠎ᠠ ᠶᠢᠨ ᠨᠠᠮᠳ᠋ᠠᠷ ᠤᠨ ᠬᠠᠮᠢᠶᠠᠷᠤᠯᠳ᠋ᠠ ᠶᠢᠨ ᠠᠵᠢᠯ ᠳᠤ ᠲᠡᠭᠡᠳ᠋ᠤ ᠨᠢᠭᠡ ᠶᠢᠨ ᠰᠤᠷᠤᠭᠴᠢᠳ ᠤᠨ ᠰᠤᠷᠤᠯᠭ᠎ᠠ ᠶᠢᠨ ᠨᠠᠮᠳ᠋ᠠᠷ ᠤᠨ ᠬᠦᠰᠦᠨ᠋ᠦᠭ᠌ ᠢ ᠬᠠᠷᠭᠤᠭᠤᠯᠤᠨ ᠬᠢᠨ᠋ᠠᠬᠤ ᠂ ᠰᠤᠷᠤᠯᠭ᠎ᠠ ᠶᠢᠨ ᠨᠠᠮᠳ᠋ᠠᠷ ᠤᠨ ᠬᠦᠰᠦᠨ᠋ᠦᠭ᠌ ᠪᠠᠢᠭᠤᠯᠬᠤ ᠂  ᠰᠤᠷᠤᠯᠭ᠎ᠠ ᠠᠮᠠᠷᠠᠬᠤ ᠂  ᠰᠤᠷᠭᠠᠭᠤᠯᠢ ᠰᠢᠯᠵᠢᠬᠦ ᠰᠤᠷᠤᠭᠴᠢ ᠶᠢᠨ ᠭᠠᠷ ᠬᠦᠢᠴᠡᠳᠭᠡᠯ ᠬᠢᠵᠤ ᠦᠭ᠍ᠬᠦ ᠵᠡᠷᠭᠡ ᠠᠵᠢᠯ ᠪᠠᠢᠵᠤ ᠠᠵᠢᠯ ᠪᠣᠯᠭᠠᠨ ᠢ ᠬᠢᠨ᠋ᠠᠮᠠᠭᠠᠢ ᠪᠡᠶᠡᠯᠡᠭᠦᠯᠵᠦ ᠪᠠᠢᠨ᠎ᠠ ᠃ ᠰᠤᠷᠤᠭᠴᠢ ᠶᠢᠨ ᠬᠤᠭᠤᠴᠠᠭ᠎ᠠ ᠪᠦᠷᠢ ᠶᠢᠨ ᠰᠢᠯᠭᠠᠯᠳ᠋ᠠ ᠶᠢᠨ ᠬᠤᠪᠢ ᠨᠤᠷᠮ᠎ᠠ ᠂ ᠬᠡᠪ ᠴᠢᠨ᠋ᠠᠷ ᠤᠨ ᠶᠡᠷᠦᠩᠬᠡᠢᠯᠡᠭ᠍ᠰᠡᠨ ᠦᠨ᠋ᠡᠯᠡᠯᠳ᠋ᠠ ᠶᠢᠨ ᠬᠤᠪᠢ ᠨᠤᠷᠮ᠎ᠠ ᠶᠢ ᠰᠢᠰᠲ᠋ᠦᠮᠵᠢᠭᠤᠯᠤᠨ ᠬᠠᠳ᠋ᠠᠭᠠᠯᠠᠵᠤ ᠰᠤᠷᠤᠭᠴᠢ ᠶᠢᠨ ᠰᠤᠷᠭᠠᠭᠤᠯᠢ ᠳᠤ ᠬᠢ ᠢᠯᠡᠷᠡᠯ ᠂  ᠰᠤᠷᠤᠯᠭ᠎ᠠ ᠶᠢᠨ ᠪᠠᠢᠳ᠋ᠠᠯ ᠵᠡᠷᠭᠡ ᠶᠢ ᠴᠠᠭ ᠢᠮᠠᠭᠳ᠋ᠠ ᠬᠢᠨ᠋ᠠᠨ ᠬᠠᠷᠭᠤᠭᠤᠯᠬᠤ ᠂ ᠲᠡᠬᠦᠰᠬᠦ ᠰᠤᠷᠤᠭᠴᠢ ᠶᠢ ᠪᠦᠷᠢᠳᠭᠡᠬᠦ ᠵᠡᠷᠭᠡ ᠠᠵᠢᠯ ᠢ ᠬᠠᠷᠢᠭᠤᠴᠠᠨ ᠬᠢᠵᠤ ᠪᠠᠢᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号