123456 0476-6223398
ᠵᠢᠭᠠᠨ ᠰᠤᠷᠭᠠᠯᠲᠠ ᠬᠢᠴᠢᠶᠡᠯ ᠬᠦᠮᠦᠵᠢᠯ
ᠵᠢᠭᠠᠨ ᠰᠤᠷᠭᠠᠯᠳ᠋ᠠ ᠪᠠ ᠰᠤᠳ᠋ᠤᠯᠭᠠᠨ ᠦᠭᠡᠷᠡᠴᠢᠯᠡᠯᠳ᠋ᠠ
2016.08.18 ᠲᠣᠰ ᠥᠷᠲᠡᠭᠡᠨ ᠦ ᠨᠠᠢᠷᠠᠭᠤᠯᠤᠭᠴᠢ

ᠵᠢᠭᠠᠨ ᠰᠤᠷᠭᠠᠯᠳ᠋ᠠ ᠪᠠ ᠰᠤᠳ᠋ᠤᠯᠭᠠ ᠥᠭᠡᠷᠡᠴᠢᠯᠡᠯᠲᠡ

 

ᠤᠯᠤᠰ ᠤᠨ ᠵᠢᠭᠠᠨ ᠰᠤᠷᠭᠠᠬᠤ ᠫᠷᠦᠭ᠍ᠷᠡᠮ ᠂ ᠬᠢᠴᠢᠶᠠᠯ ᠤᠨ ᠪᠠᠷᠢᠮᠵᠢᠶ᠎ᠠ ᠶᠢ ᠮᠦ᠋ᠷᠳ᠋ᠡᠨ ᠂ ᠤᠯᠤᠰ ᠤᠨ ᠲᠤᠭᠳ᠋ᠠᠭᠠᠯ ᠪᠤᠯᠤᠨ ᠦᠪᠤᠷ ᠮᠤᠩᠭᠤᠯ ᠤᠨ ᠦᠪᠡᠷᠳ᠋ᠡᠭᠡᠨ ᠵᠠᠰᠠᠬᠤ ᠤᠷᠤᠨ ᠦ ᠰᠤᠷᠭᠠᠨ ᠬᠦᠮᠦᠵᠢᠯ ᠤᠨ ᠲᠢᠩᠬᠢᠮ ᠤᠨ ᠲᠦ᠋ᠷᠢᠮᠵᠢᠯ ᠵᠢᠭᠠᠯᠳ᠋ᠠ ᠪᠠᠷ ᠵᠢᠭᠠᠨ ᠰᠤᠷᠭᠠᠯᠳ᠋ᠠ ᠶᠢᠨ ᠠᠵᠢᠯ ᠢᠶᠡᠨ ᠦᠷᠨ᠋ᠢᠬᠦᠯᠵᠤ ᠢᠷᠡᠪᠡ ᠃ 《 ᠲᠦ᠋ᠷᠢᠮᠵᠢᠭ᠍ᠰᠡᠨ ᠬᠠᠮᠢᠶᠠᠷᠤᠯᠳ᠋ᠠ ᠂ ᠨᠡᠭᠡᠭᠡᠯᠳ᠋ᠤ ᠰᠤᠷᠭᠠᠯᠳ᠋ᠠ ᠂ ᠴᠢᠯᠦᠭᠡᠳ᠋ᠤ ᠬᠦᠭᠵᠢᠯᠳ᠋ᠠ ᠂ ᠪᠦᠬᠦ ᠲᠠᠯ᠎ᠠ ᠶᠢᠨ ᠲᠡᠭᠡᠭ᠍ᠰᠢᠯᠡᠯᠳ᠋ᠠ 》  ᠬᠡᠬᠦ ᠬᠠᠮᠢᠶᠠᠷᠤᠯᠳ᠋ᠠ ᠶᠢᠨ ᠲᠤᠭᠳ᠋ᠠᠴᠠ ᠶᠢ ᠬᠡᠷᠡᠭᠵᠢᠬᠦᠯᠥᠨ 《 ᠵᠢᠯᠤᠭᠤᠳ᠋ᠤᠭᠴᠢ ᠪᠠᠭᠰᠢ ᠶᠢᠨ ᠲᠦ᠋ᠷᠢᠮ 》ᠢ᠋ᠢᠡᠷ ᠮᠤᠷᠠᠯ ᠤᠨ ᠬᠦᠮᠦᠵᠢᠯ ᠢ ᠠᠬᠢᠭᠤᠯᠵᠤ ᠂ 《 ᠰᠦ᠋ᠷ ᠰᠦ᠋ᠯᠳ᠋ᠠ ᠲᠡᠢ ᠂ ᠢᠳ᠋ᠡᠭᠡᠯ ᠪᠢᠰᠢᠷᠠᠯ ᠲᠡᠢ ᠂ ᠠᠴᠢ ᠡᠨ᠋ᠡᠷᠢᠯ ᠲᠡᠢ ᠂ ᠡᠶ᠎ᠡ ᠡᠪ ᠲᠡᠢ᠂ ᠡᠷᠳ᠋ᠡᠮ ᠨᠤᠮ ᠲᠡᠢ 》  ᠬᠦᠮᠥᠨ ᠢ ᠬᠦᠮᠦᠵᠢᠬᠦᠯᠬᠦ ᠪᠠᠷ ᠬᠠᠷᠠᠯᠳ᠋ᠠ ᠪᠡᠨ ᠪᠤᠯᠭᠠᠵᠤ 《 ᠰᠢᠯᠢᠳ᠋ᠡᠭ᠌ ᠢ ᠠᠳᠬᠤᠵᠤ ᠂ ᠨᠡᠢᠳ᠋ᠠ ᠳᠤ ᠨᠢ ᠲᠡᠭᠡᠭ᠍ᠰᠢᠯᠡᠬᠦᠯᠬᠦ 》  ᠵᠢᠭᠠᠨ ᠰᠤᠷᠭᠠᠬᠤ ᠵᠠᠷᠴᠢᠮ ᠂ 《 ᠤᠭᠳ᠋ᠤᠨ ᠰᠤᠷᠴᠤ ᠂ ᠬᠤᠢᠨ᠎ᠠ ᠨᠢ ᠵᠢᠯᠤᠭᠤᠳᠬᠤ ᠲᠦ᠋ᠷᠪᠡᠨ ᠠᠯᠬᠤᠮ ᠤᠨ ᠰᠤᠷᠬᠤ ᠲᠦ᠋ᠰᠤᠯ 》 ᠂ 《 ᠰᠤᠩᠭᠤᠳ᠋ᠠᠭ ᠲᠠᠢᠯᠤᠮᠵᠢ ᠂ ᠢᠳ᠋ᠡᠪᠬᠢᠳ᠋ᠠᠢ ᠤᠷᠤᠯᠴᠠᠯᠭ᠎ᠠ ᠂ ᠴᠢᠨ᠋ᠠᠷᠯᠢᠭ ᠪᠤᠯᠪᠠᠰᠤᠷᠠᠯ 》 ᠵᠡᠷᠭᠡ ᠡᠬᠦᠳ᠋ᠦᠯᠳ᠋ᠠ ᠰᠦ᠋ᠪᠡᠭᠴᠢᠯᠡᠯ ᠤᠨ ᠰᠤᠳ᠋ᠤᠯᠭᠠᠨ ᠪᠦᠬᠦᠢ ᠵᠦ᠋ᠪ ᠠᠷᠭ᠎ᠠ ᠵᠠᠮ ᠢ ᠪᠠᠷᠢᠮᠳ᠋ᠠᠯᠠᠨ ᠰᠤᠷᠭᠠᠨ ᠬᠥ᠋ᠮᠦᠵᠢᠭᠦᠯᠬᠦ ᠂ ᠵᠢᠭᠠᠨ ᠰᠤᠷᠭᠠᠬᠤ ᠠᠵᠢᠯ ᠪᠠ  ᠵᠢᠭᠠᠨ ᠰᠤᠷᠭᠠᠯᠳ᠋ᠠ ᠶᠢᠨ ᠰᠤᠳ᠋ᠤᠯᠭᠠᠨ ᠂ ᠦᠭᠡᠷᠡᠴᠢᠯᠡᠯᠳ᠋ᠠ ᠶᠢᠨ ᠠᠵᠢᠯ ᠢ ᠬᠦᠢᠴᠡᠳᠭᠡᠨ  ᠬᠢᠪᠠ ᠃

ᠨᠢᠭᠡ ᠂  ᠲᠦ᠋ᠷᠢᠮ ᠲᠤᠭᠳ᠋ᠠᠭᠠᠯ ᠤᠨ ᠬᠠᠮᠢᠶᠠᠷᠤᠯᠳ᠋ᠠ ᠶᠢᠨ ᠪᠦᠳ᠋ᠦᠭᠡᠨ ᠪᠠᠢᠭᠤᠯᠤᠯᠳ᠋ᠠ

ᠪᠠᠭᠰᠢ ᠠᠵᠢᠯᠳ᠋ᠠᠨ ᠠᠵᠢᠯᠴᠢᠨ ᠦ ᠬᠠᠮᠢᠶᠠᠷᠤᠯᠳ᠋ᠠ ᠳᠤ  ᠪᠠᠭᠰᠢ ᠠᠵᠢᠯᠳ᠋ᠠᠨ ᠠᠵᠢᠯᠴᠢᠨ ᠦ ᠬᠠᠷᠢᠭᠤᠴᠠᠯᠭᠠᠲᠤ ᠤᠬᠠᠮᠰᠠᠷ ᠂ ᠤᠢᠯᠠᠰᠴᠢ ᠰᠡᠳᠬᠢᠯ ᠳᠤ ᠰᠠᠭᠤᠷᠢᠯᠠᠨ ᠂ ᠶᠠᠪᠤᠴᠠᠳ᠋ᠤ ᠬᠠᠮᠢᠶᠠᠷᠤᠯᠳ᠋ᠠ ᠪᠠ ᠦᠷ᠎ᠠ ᠳ᠋ᠦ᠋ᠩ ᠤᠨ ᠬᠠᠮᠢᠶᠠᠷᠤᠯᠳ᠋ᠠ ᠶᠢ ᠤᠷᠭᠠᠨ᠋ᠢᠭ ᠢᠶᠡᠷ ᠤᠶᠠᠯᠳ᠋ᠤᠭᠤᠯᠵᠤ  《 ᠬᠢᠴᠢᠶᠡᠯᠯᠡᠭᠡ ᠶᠢᠨ ᠲᠦ᠋ᠷᠢᠮᠵᠢᠯ 》 ᠂  《 ᠪᠠᠭᠰᠢ ᠨᠠᠷ ᠤᠨ ᠠᠵᠢᠯ ᠤᠨ ᠪᠠᠢᠷᠢ ᠶᠢᠨ ᠲᠦ᠋ᠷᠢᠮ 》 ᠂ 《 ᠪᠦᠳ᠋ᠦᠴᠡᠳ᠋ᠤ ᠴᠠᠯᠢᠩ ᠤᠨ ᠲᠦ᠋ᠷᠢᠮ  》 ᠂  《 ᠲᠡᠬᠦᠰᠬᠦ ᠤᠨ ᠦ ᠬᠠᠷᠢᠭᠤᠴᠠᠯᠭ᠎ᠠ ᠶᠢᠨ ᠲᠦ᠋ᠷᠢᠮ 》  ᠂ 《 ᠤᠨ ᠦ ᠲᠤᠭᠤᠢᠯᠠᠩ ᠤᠨ ᠬᠠᠷᠢᠭᠤᠴᠠᠯᠭ᠎ᠠ ᠶᠢᠨ ᠲᠦ᠋ᠷᠢᠮ 》 ᠂  《 ᠵᠢᠯ ᠤᠨ ᠡᠴᠦᠰ ᠤᠨ ᠠᠵᠢᠯ ᠢ ᠬᠢᠨ᠋ᠠᠨ ᠦᠨ᠋ᠡᠯᠡᠬᠦ ᠨᠠᠷᠢᠨ ᠵᠤᠷᠪᠤᠰ 》 ᠂  《 ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠦᠷ᠎ᠠ ᠠᠰᠢᠭᠳ᠋ᠤ ᠴᠠᠯᠢᠩ ᠤᠨᠲᠦ᠋ᠷᠢᠮ 》 ᠂ 《 ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠪᠠᠭᠰᠢ ᠠᠵᠢᠯᠳ᠋ᠠᠨ ᠠᠵᠢᠯᠴᠢᠨ ᠦ ᠴᠢᠯᠦᠭᠡᠨ ᠦ ᠲᠦ᠋ᠷᠢᠮ 》  ᠂ 《 ᠵᠢᠯᠤᠭᠤᠳ᠋ᠤᠭᠴᠢ ᠪᠠᠭᠰᠢ ᠶᠢᠨ ᠲᠦ᠋ᠷᠢᠮ 》 ᠂ 《 ᠵᠢᠭᠠᠬᠤ ᠶᠢ ᠰᠤᠳ᠋ᠤᠯᠬᠤ ᠲᠤᠭᠤᠢᠯᠠᠩ ᠤᠨ ᠠᠵᠢᠯ ᠢ ᠬᠢᠨ᠋ᠠᠨ ᠰᠢᠯᠭᠠᠷᠠᠭᠤᠯᠬᠤ ᠠᠷᠭ᠎ᠠ 》  ᠵᠡᠷᠭᠡ ᠪᠦᠳ᠋ᠦᠭᠡᠯᠴᠢ ᠂ ᠬᠦᠮᠦᠯᠢᠭ᠌ ᠲᠤᠭᠳ᠋ᠠᠭᠠᠯ ᠢ ᠲᠤᠭᠳ᠋ᠠᠭᠠᠨ ᠬᠡᠷᠡᠭᠵᠢᠬᠦᠯᠵᠤ ᠰᠤᠷᠭᠠᠭᠤᠯᠢ ᠶᠢᠨ ᠵᠢᠭᠠᠨ ᠰᠤᠷᠭᠠᠯᠳ᠋ᠠ  ᠶᠢᠨ ᠬᠡᠪ ᠤᠨ ᠲᠦ᠋ᠷᠢᠮᠵᠢᠯ ᠢ ᠪᠠᠳ᠋ᠤᠯᠠᠵᠤ ᠢᠷᠠᠪᠠ ᠃

2007 ᠤᠨ ᠳᠤ ᠰᠤᠷᠭᠠᠭᠤᠯᠢ ᠡᠷᠬᠢᠯᠡᠬᠦ ᠨᠦ᠋ᠬᠦᠴᠡᠯ ᠂ ᠵᠢᠭᠠᠨ ᠰᠤᠷᠭᠠᠬᠤ ᠶᠠᠰᠤ ᠴᠢᠨ᠋ᠠᠷ ᠂ ᠰᠤᠷᠭᠠᠭᠤᠯᠢ ᠶᠢᠨ ᠪᠦᠬᠦ ᠲᠠᠯ᠎ᠠ ᠶᠢᠨ ᠠᠵᠢᠯ ᠢ ᠰᠢᠨ᠎ᠠ ᠲᠡᠭ᠍ᠳ᠋ᠡᠷ ᠲᠣ ᠬᠦᠷᠦᠭᠦᠯᠵᠤ ᠂ ᠰᠤᠷᠭᠠᠭᠤᠯᠢ ᠶᠢᠨ ᠲᠤᠳ᠋ᠤᠭᠠᠳ᠋ᠤ ᠬᠠᠮᠢᠶᠠᠷᠤᠯᠳ᠋ᠠ ᠶᠢᠨ ᠪᠦᠳ᠋ᠦᠴᠠ ᠳᠤ ᠦᠷᠬᠦᠯᠵᠢᠯᠡᠨ ᠦᠭᠡᠷᠡᠴᠢᠯᠡᠯᠳ᠋ᠠ ᠬᠢᠵᠤ ᠰᠢᠨ᠎ᠠ ᠬᠢᠴᠢᠶᠡᠯᠯᠡᠭᠡ ᠶᠢᠨ ᠦᠭᠡᠷᠡᠴᠢᠯᠡᠯᠳ᠋ᠠ ᠶᠢ ᠬᠦᠨᠵᠡᠭᠡᠢᠷᠡᠬᠦᠯᠥᠨ ᠂  ᠲᠡᠭᠡᠳ᠋ᠤ ᠲᠤᠮᠳ᠋ᠠᠳ᠋ᠤ ᠶᠢᠨ ᠰᠤᠷᠭᠠᠨ ᠬᠦᠮᠦᠵᠢᠯ ᠢ ᠲᠦ᠋ᠭᠡᠮᠡᠯᠵᠢᠬᠦᠯᠬᠦ ᠠᠵᠢᠯ ᠳᠤ ᠰᠠᠭᠤᠷᠢ ᠲᠠᠯᠪᠢᠵᠤ ᠂ ᠰᠤᠷᠭᠠᠭᠤᠯᠢ ᠶᠢᠨ ᠪᠦᠳ᠋ᠦᠭᠡᠨ ᠪᠠᠢᠭᠤᠯᠤᠯᠳ᠋ᠠ ᠪᠠ ᠬᠦᠭᠵᠢᠯᠳ᠋ᠠ ᠶᠢ ᠲᠦ᠋ᠷᠭᠡᠳᠭᠡᠨ᠎ᠡ ᠬᠡᠵᠤ ᠲᠤᠷᠠᠳᠪᠠ ᠃

2008 ᠤᠨ ᠠ᠋ᠴᠠ ᠤᠨ ᠦ ᠲᠤᠭᠤᠢᠯᠠᠩ ᠤᠨ ᠲᠠᠷᠤᠭ᠎ᠠ ᠬᠠᠷᠢᠭᠤᠴᠠᠬᠤ ᠲᠦ᠋ᠷᠢᠮ ᠢ ᠬᠡᠷᠡᠭᠵᠢᠬᠦᠯᠵᠤ ᠂ ᠤᠨ ᠦ ᠲᠤᠭᠤᠢᠯᠠᠩ ᠳᠤ ᠴᠢᠭ᠌ ᠠᠳᠬᠤᠬᠤ ᠵᠠᠬᠢᠷᠤᠯ ᠠ᠋ᠴᠠ ᠪᠦᠬᠦ ᠲᠠᠯ᠎ᠠ ᠶᠢᠨ ᠠᠵᠢᠯ ᠢ ᠤᠳ᠋ᠤᠷᠢᠳ᠋ᠤᠨ ᠵᠢᠯᠤᠭᠤᠳᠴᠤ ᠂ ᠤᠨ ᠦ ᠲᠤᠭᠤᠢᠯᠠᠩ ᠤᠨ ᠲᠠᠷᠤᠭ᠎ᠠ ᠠ᠋ᠴᠠ ᠲᠤᠰ ᠲᠤᠭᠤᠢᠯᠠᠩ ᠤᠨ ᠰᠤᠷᠭᠠᠨ ᠬᠦᠮᠦᠵᠢᠬᠦᠯᠬᠦ ᠵᠢᠭᠠᠨ ᠰᠤᠷᠭᠠᠬᠤ ᠠᠵᠢᠯ ᠂ ᠰᠤᠷᠤᠭᠴᠢ ᠶᠢᠨ ᠬᠠᠮᠢᠶᠠᠷᠤᠯᠳ᠋ᠠ ᠶᠢᠨ ᠠᠵᠢᠯ ᠢ ᠪᠦᠬᠦ ᠲᠠᠯ᠎ᠠ ᠪᠠᠷ ᠭᠠᠷᠳ᠋ᠠᠨ ᠬᠠᠷᠢᠭᠤᠴᠠᠬᠤ ᠪᠤᠯᠪᠠ ᠃

2008 ᠤᠨ ᠠ᠋ᠴᠠ ᠪᠠᠭᠰᠢ ᠨᠢᠭᠡᠪᠤᠷᠢ ᠰᠤᠷᠤᠭᠴᠢᠳ ᠤᠨ ᠪᠦᠬᠦ ᠲᠠᠯ᠎ᠠ ᠶᠢᠨ ᠬᠦᠭᠵᠢᠯᠳ᠋ᠠ ᠳᠤ ᠬᠠᠷᠢᠭᠤᠴᠠᠬᠤ ᠂ ᠪᠦᠬᠦ ᠲᠠᠯ᠎ᠠ ᠶᠢᠨ ᠬᠦᠭᠵᠢᠯᠳ᠋ᠠ ᠶᠢ ᠠᠬᠢᠭᠤᠯᠬᠤ 《 ᠵᠢᠯᠤᠭᠤᠳ᠋ᠤᠭᠴᠢ ᠪᠠᠭᠰᠢ ᠶᠢᠨ ᠲᠦ᠋ᠷᠢᠮ 》ᠢ᠋ ᠡᠬᠢᠯᠡᠨ ᠬᠡᠷᠡᠭᠵᠢᠬᠦᠯᠪᠠ ᠃

2008 ᠤᠨ ᠦ 4 ᠰᠠᠷ᠎ᠠ ᠳᠤ ᠠᠵᠢᠯ ᠤᠨ ᠪᠠᠢᠷᠢ ᠶᠢᠨ ᠲᠦ᠋ᠷᠢᠮ ᠪᠠ ᠰᠤᠷᠭᠠᠭᠤᠯᠢ ᠶᠢᠨ ᠲᠤᠳ᠋ᠤᠭᠠᠳ᠋ᠤ ᠳᠤ ᠬᠢ ᠪᠦᠳ᠋ᠦᠴᠠᠳ᠋ᠤ ᠴᠠᠯᠢᠩ ᠤᠨ ᠲᠦ᠋ᠷᠢᠮ ᠳᠤ ᠦᠭᠡᠷᠡᠴᠢᠯᠡᠯᠳ᠋ᠠ ᠬᠢᠪᠠ ᠃

2008 ᠤᠨ ᠦ 5 ᠰᠠᠷ᠎ᠠ ᠳᠤ 《 ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠬᠢᠴᠢᠶᠡᠯᠯᠡᠭᠡ ᠶᠢᠨ ᠲᠢᠩᠬᠢᠮ ᠤᠨ ᠵᠢᠭᠠᠨ ᠰᠤᠷᠭᠠᠯᠳ᠋ᠠ ᠶᠢ ᠦᠨ᠋ᠡᠯᠡᠬᠦ ᠪᠠᠷᠢᠮᠵᠢᠶ᠎ᠠ ( ᠲᠤᠷᠰᠢᠨ ᠬᠡᠷᠡᠭᠵᠢᠬᠦᠯᠬᠦ )  》 ᠵᠢ ᠨᠡᠢᠳ᠋ᠡᠯᠡᠵᠤ ᠬᠡᠷᠡᠭᠵᠢᠬᠦᠯᠪᠠ ᠃

2009 ᠤᠨ ᠦ ᠨᠠᠮᠤᠷ ᠠ᠋ᠴᠠ ᠮᠤᠩᠭᠤᠯ ᠢᠶᠡᠷ ᠬᠢᠴᠢᠶᠡᠯᠯᠡᠬᠦ ᠡᠩ ᠤᠨ ᠲᠡᠭᠡᠳ᠋ᠤ ᠵᠡᠷᠭᠡ ᠶᠢᠨ ᠲᠤᠮᠳ᠋ᠠᠳ᠋ᠤ ᠰᠤᠷᠭᠠᠭᠤᠯᠢ  ᠨᠤᠭᠤᠳ ᠨᠢ ᠰᠢᠨ᠎ᠠ ᠬᠢᠴᠢᠶᠠᠯ ᠤᠨ ᠦᠭᠡᠷᠡᠴᠢᠯᠡᠯᠳ᠋ᠠ ᠶᠢ ᠡᠬᠢᠯᠡᠨ ᠬᠡᠷᠡᠭᠵᠢᠬᠦᠯᠪᠠ ᠃

2013 ᠤᠨ ᠦ 4 ᠰᠠᠷ᠎ᠠ ᠳᠤ 《 ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠪᠠᠭᠰᠢ ᠠᠵᠢᠯᠳ᠋ᠠᠨ ᠠᠵᠢᠯᠴᠢᠨ ᠦ ᠠᠵᠢᠯ ᠲᠡᠮᠳ᠋ᠡᠭᠯᠡᠬᠦ ᠮᠠᠰᠢᠨ ᠢ ᠬᠡᠷᠡᠭᠯᠡᠬᠦ ᠲᠦ᠋ᠷᠢᠮ 》ᠢ᠋  ᠨᠡᠢᠳ᠋ᠡᠯᠡᠪᠠ ᠃

2013 ᠤᠨ ᠦ 9 ᠰᠠᠷ᠎ᠠ ᠳᠤ 《 ᠵᠢᠭᠠᠬᠤ ᠶᠢ ᠰᠤᠳ᠋ᠤᠯᠬᠤ ᠲᠤᠭᠤᠢᠯᠠᠩ ᠤᠨ ᠠᠵᠢᠯ ᠢ ᠬᠢᠨ᠋ᠡᠨ ᠰᠢᠯᠭᠠᠷᠠᠭᠤᠯᠬᠤ ᠠᠷᠭ᠎ᠠ 》 ᠵᠢ ᠲᠤᠭᠳ᠋ᠠᠭᠠᠵᠤ ᠂ ᠵᠢᠭᠠᠬᠤ ᠶᠢ ᠰᠤᠳ᠋ᠤᠯᠬᠤ ᠲᠤᠭᠤᠢᠯᠠᠩ  ᠤᠨ ᠠᠵᠢᠯ ᠢ ᠵᠢᠯ ᠪᠦᠷᠢ ᠰᠢᠯᠭᠠᠷᠠᠭᠤᠯᠵᠤ ᠱᠠᠩᠨ᠋ᠠᠪᠠ ᠃

2016 ᠤᠨ ᠳᠤ 《 ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠠᠵᠢᠯ ᠤᠨ ᠲᠤᠭᠤᠢᠯᠠᠩ ᠢ ᠬᠢᠨ᠋ᠡᠨ ᠰᠢᠯᠭᠠᠷᠠᠭᠤᠯᠬᠤ ᠠᠷᠭ᠎ᠠ 》 ᠵᠢ ᠲᠤᠭᠳ᠋ᠠᠭᠠᠵᠤ ᠂ ᠵᠢᠭᠠᠬᠤ ᠶᠢ ᠰᠤᠳ᠋ᠤᠯᠬᠤ ᠲᠤᠭᠤᠢᠯᠠᠩ ᠪᠠ ᠠᠵᠢᠯ ᠤᠨ ᠲᠤᠭᠤᠢᠯᠠᠩ ᠤᠨ ᠬᠦᠮᠦᠰ ᠢ ᠲᠤᠬᠢᠷᠠᠭᠤᠯᠵᠤ ᠂ ᠡᠯ᠎ᠠ ᠲᠠᠯ᠎ᠠ ᠶᠢᠨ ᠠᠵᠢᠯ ᠤᠨ ᠰᠢᠯᠭᠠᠷᠠᠭᠤᠯᠬᠤ ᠠᠷᠭ᠎ᠠ ᠶᠢ ᠲᠤᠭᠳ᠋ᠠᠭᠠᠪᠠ ᠃

ᠬᠤᠶᠠᠷ ᠂ ᠵᠢᠭᠠᠨ ᠰᠤᠷᠭᠠᠯᠳ᠋ᠠ ᠶᠢᠨ ᠦᠨ᠋ᠡᠯᠡᠯᠳ᠋ᠠ

2006 ᠤᠨ ᠠ᠋ᠴᠠ ᠨᠠᠭᠠᠰᠢ 《 ᠲᠡᠭᠡᠳ᠋ᠤ ᠰᠢᠯᠭᠠᠯᠳ᠋ᠠ ᠶᠢᠨ ᠰᠢᠯᠢᠳ᠋ᠡᠭ᠌ ᠪᠦᠳ᠋ᠦᠮᠵᠢ ᠶᠢᠨ ᠱᠠᠩᠨ᠋ᠠᠯ 》 ᠂ 《 ᠰᠢᠯᠢᠳ᠋ᠡᠭ᠌  ᠪᠠᠭᠰᠢ 》  ᠂ 《 ᠵᠢᠱᠢᠶᠡᠴᠢ  ᠪᠠᠭᠰᠢ 》 ᠂ 《   ᠲᠡᠷᠢᠬᠦᠨ ᠦ  ᠠᠵᠢᠯᠳ᠋ᠠᠨ 》  ᠂ 《 ᠰᠤᠷᠤᠯᠭ᠎ᠠ  ᠲᠠᠪᠰᠢᠯᠳ᠋ᠠ ᠲᠡᠢ  ᠰᠤᠷᠤᠭᠴᠢ 》 ᠂ 《 ᠰᠢᠯᠢᠳ᠋ᠡᠭ᠌ ᠠᠩᠬᠢ ᠶᠢᠨ ᠺᠠᠳ᠋ᠷ 》 ᠂ 《 ᠰᠤᠷᠤᠯᠭ᠎ᠠ ᠮᠤᠷᠠᠯ ᠬᠤᠤᠰᠯᠠᠭᠰᠠᠨ ᠵᠢᠱᠢᠶᠡᠴᠢ ᠰᠤᠷᠤᠭᠴᠢ 》 ᠂ 《 ᠰᠤᠳ᠋ᠤᠨ ᠰᠤᠷᠤᠭᠴᠢ 》 ᠂ 《 ᠰᠢᠯᠢᠳ᠋ᠡᠭ᠌ ᠪᠦᠳ᠋ᠦᠮᠵᠢ ᠪᠠᠷ ᠲᠡᠬᠦᠰᠦᠭ᠍ᠰᠡᠨ ᠰᠤᠷᠤᠭᠴᠢ 》  ᠵᠡᠷᠭᠡ ᠠᠭᠤᠯᠭ᠎ᠠ ᠪᠠᠷ ᠪᠠᠭᠰᠢ ᠰᠤᠷᠤᠭᠴᠢᠳ ᠢ ᠱᠠᠩᠨ᠋ᠠᠨ ᠬᠦᠬᠢᠬᠦᠯᠵᠤ ᠢᠷᠡᠪᠡ ᠃  ᠵᠢᠭᠠᠨ ᠰᠤᠷᠭᠠᠯᠳ᠋ᠠ ᠶᠢᠨ ᠦᠨ᠋ᠡᠯᠡᠯᠳ᠋ᠠ ᠳᠤ ᠠᠵᠢᠯ ᠤᠨ ᠪᠦᠳ᠋ᠦᠮᠵᠢ ᠂ ᠠᠵᠢᠯ ᠤᠨ ᠶᠠᠪᠤᠴᠠ ᠬᠤᠶᠠᠷ ᠲᠠᠯ᠎ᠠ ᠠ᠋ᠴᠠ ᠦᠨ᠋ᠡᠯᠡᠯᠳ᠋ᠠ ᠬᠢᠬᠦ ᠶᠢ ᠪᠠᠷᠢᠮᠳ᠋ᠠᠯᠠᠵᠤ ᠂ ᠬᠤᠭᠤᠴᠠᠭᠠᠨ ᠡᠬᠢᠨ ᠳᠤ ᠲᠦ᠋ᠰᠦᠪ ᠲᠡᠢ ᠂ ᠬᠤᠭᠤᠴᠠᠭᠠᠨ ᠲᠤᠮᠳ᠋ᠠ ᠪᠠᠢᠴᠠᠭᠠᠯᠳ᠋ᠠ ᠵᠠᠳ᠋ᠠᠯᠤᠯᠳ᠋ᠠ ᠲᠡᠢ ᠂  ᠬᠤᠭᠤᠴᠠᠭᠠᠨ ᠡᠴᠦᠰ ᠲᠣ ᠳ᠋ᠦ᠋ᠩᠨ᠋ᠡᠯᠳ᠋ᠠ ᠲᠡᠢ ᠪᠠᠢᠬᠤ ᠶᠢ ᠪᠠᠳ᠋ᠤᠯᠠᠵᠤ ᠪᠠᠭᠰᠢ ᠨᠠᠷ ᠤᠨ ᠠᠵᠢᠯ ᠢ ᠠᠵᠢᠯ ᠤᠨ ᠡᠬᠦᠷᠭᠡ ᠂ ᠵᠢᠭᠠᠨ ᠰᠤᠷᠭᠠᠯᠳ᠋ᠠ ᠶᠢᠨ ᠠᠵᠢᠯ ᠂  ᠵᠢᠭᠠᠨ ᠰᠤᠷᠭᠠᠯᠳ᠋ᠠ ᠶᠢᠨ ᠰᠤᠳ᠋ᠤᠯᠭᠠᠨ ᠂ ᠠᠵᠢᠯ ᠳᠤ ᠭᠠᠷᠤᠭᠰᠠᠨ ᠨᠤᠷᠮ᠎ᠠ ᠂ ᠰᠤᠷᠤᠭᠴᠢ ᠶᠢᠨ ᠦᠨ᠋ᠡᠯᠡᠯᠳ᠋ᠠ ᠵᠡᠷᠭᠡ ᠪᠠᠷ ᠬᠤᠪᠢᠴᠢᠯᠠᠨ ᠳ᠋ᠦ᠋ᠩᠨ᠋ᠡᠵᠤ ᠪᠤᠢ ᠃  ᠰᠤᠷᠤᠭᠴᠢᠳ ᠤᠨ ᠬᠤᠭᠤᠴᠠᠭᠠᠨ ᠲᠤᠮᠳ᠋ᠠ ᠪᠠ ᠬᠤᠭᠤᠴᠠᠭᠠᠨ ᠡᠴᠦᠰ ᠤᠨ ᠰᠢᠯᠭᠠᠯᠳ᠋ᠠ ᠶᠢ ᠤᠯᠤᠰ ᠤᠨ ᠰᠢᠯᠭᠠᠯᠳ᠋ᠠ ᠶᠢᠨ ᠲᠦ᠋ᠷᠢᠮᠵᠢᠯ ᠢᠶᠡᠷ ᠰᠢᠯᠭᠠᠬᠤ ᠶᠢ ᠦᠷᠬᠦᠯᠵᠢᠯᠡᠨ ᠪᠠᠷᠢᠮᠳ᠋ᠠᠯᠠᠵᠤ ᠂ ᠬᠤᠪᠢ ᠨᠤᠷᠮ᠎ᠠ ᠶᠢ ᠵᠠᠳ᠋ᠠᠯᠬᠤ ᠂ ᠰᠢᠯᠢᠳ᠋ᠡᠭ᠌ ᠪᠦᠳ᠋ᠦᠮᠵᠢ ᠂ ᠬᠢᠷᠢ ᠲᠡᠩᠴᠡᠬᠦ ᠪᠦᠳ᠋ᠦᠮᠵᠢ ᠬᠡᠮᠡᠨ ᠬᠤᠪᠢᠶᠠᠷᠢᠯᠠᠨ ᠰᠤᠷᠤᠭᠴᠢᠳ ᠤᠨ ᠰᠤᠷᠤᠯᠭ᠎ᠠ ᠶᠢᠨ ᠲᠠᠪᠰᠢᠯᠳ᠋ᠠ ᠂ ᠠᠯᠳ᠋ᠠᠭ᠎ᠠ ᠤᠨ᠋ᠤᠭ᠎ᠠ ᠶᠢ ᠲᠤᠭ᠎ᠠ ᠪᠠᠷᠢᠮᠳ᠋ᠠ ᠪᠠᠷ ᠵᠠᠳ᠋ᠠᠯᠬᠤ ᠶᠢ  ᠪᠠᠷᠢᠮᠳ᠋ᠠᠯᠠᠵᠤ ᠪᠠᠢᠨ᠎ᠠ ᠃

2011 ᠤᠨ ᠳᠤ ᠬᠤᠭᠤᠴᠠᠭᠠᠨ ᠲᠤᠮᠳ᠋ᠠᠬᠢ ᠰᠢᠯᠭᠠᠯᠳ᠋ᠠ ᠶᠢᠨ ᠶᠡᠷᠦᠩᠭᠡᠢ ᠬᠤᠪᠢ ᠶᠢᠨ ᠵᠠᠭᠤᠨ ᠦ ᠲᠦ᠋ᠴᠢ ᠂ ᠬᠤᠭᠤᠴᠠᠭᠠᠨ ᠡᠴᠦᠰ ᠤᠨ ᠰᠢᠯᠭᠠᠯᠳ᠋ᠠ ᠶᠢᠨ ᠶᠡᠷᠦᠩᠭᠡᠢ ᠬᠤᠪᠢ ᠶᠢᠨ ᠵᠠᠭᠤᠨ ᠦ  ᠵᠢᠷᠠ ᠶᠢ ᠨᠡᠢᠯᠡᠬᠦᠯᠵᠤ ᠨᠢᠭᠡ ᠬᠤᠭᠤᠴᠠᠭᠠᠨ ᠦ ᠰᠤᠷᠤᠯᠭ᠎ᠠ ᠶᠢᠨ ᠬᠤᠪᠢ ᠪᠤᠯᠭᠠᠨ ᠲᠡᠮᠳ᠋ᠡᠭᠯᠡᠵᠤ ᠬᠤᠭᠤᠴᠠᠭ᠎ᠠ ᠪᠦᠷᠢ ᠶᠢᠨ ᠰᠤᠷᠤᠯᠭ᠎ᠠ ᠶᠢᠨ ᠬᠤᠪᠢ ᠪᠠᠷ ᠰᠢᠯᠢᠳ᠋ᠡᠭ᠌ ᠰᠤᠷᠤᠯᠭᠠᠳ᠋ᠠᠨ ᠂ ᠲᠠᠪᠰᠢᠯᠳ᠋ᠠ ᠲᠡᠢ ᠰᠤᠷᠤᠭᠴᠢ ᠵᠡᠷᠭᠡ ᠶᠢ  ᠰᠢᠯᠭᠠᠷᠠᠭᠤᠯᠬᠤ ᠪᠠᠷᠢᠮᠳ᠋ᠠ ᠪᠤᠯᠭᠠᠪᠠ ᠃

2012 ᠤᠨ ᠳᠤ ᠰᠤᠷᠤᠭᠴᠢᠳ ᠤᠨ 《 ᠬᠢᠴᠢᠶᠠᠯ ᠤᠨ ᠲᠢᠩᠬᠢᠮ ᠤᠨ ᠢᠯᠡᠷᠡᠯ ᠳᠤ ᠬᠤᠪᠢ ᠲᠡᠮᠳ᠋ᠡᠭᠯᠡᠬᠦ ᠠᠷᠭ᠎ᠠ 》 ᠵᠢ ᠲᠤᠷᠰᠢᠵᠤ ᠬᠡᠷᠡᠭᠵᠢᠬᠦᠯᠪᠠ ᠃

2013 ᠤᠨ ᠳᠤ ᠲᠡᠭᠡᠳ᠋ᠤ ᠨᠢᠭᠡ ᠶᠢᠨ ᠰᠤᠷᠤᠭᠴᠢᠳ ᠲᠣ 《 ᠬᠡᠪ ᠴᠢᠨ᠋ᠠᠷ ᠤᠨ ᠶᠡᠷᠦᠩᠬᠡᠢᠯᠡᠭ᠍ᠰᠡᠨ ᠦᠨ᠋ᠡᠯᠡᠯᠳ᠋ᠠ ᠶᠢᠨ ᠲᠦ᠋ᠷᠢᠮ 》 ᠢ᠋ ᠬᠡᠷᠡᠭᠵᠢᠬᠦᠯᠵᠤ ᠰᠤᠷᠤᠭᠴᠢᠳ ᠢ 《 ᠰᠤᠷᠤᠯᠭ᠎ᠠ ᠂ ᠮᠤᠷᠠᠯ ᠂ ᠬᠦᠭᠵᠢᠯᠳ᠋ᠠ 》 ᠬᠡᠬᠦ ᠭᠤᠷᠪᠠᠨ ᠵᠤᠷᠪᠤᠰ ᠢᠶᠡᠷ ᠬᠤᠪᠢᠯᠠᠵᠤ ᠦᠨ᠋ᠡᠯᠡᠨ 《 ᠮᠤᠷᠠᠯ ᠰᠤᠷᠤᠯᠭ᠎ᠠ ᠬᠤᠤᠰᠯᠠᠭᠰᠠᠨ ᠵᠢᠱᠢᠶᠡᠴᠢ ᠰᠤᠷᠤᠭᠴᠢ 》ᠵᠢ ᠰᠢᠯᠭᠠᠷᠠᠭᠤᠯᠬᠤ ᠪᠤᠯᠪᠠ ᠃ ᠡᠬᠦᠨ ᠦ ᠲᠡᠭᠠᠤ 《 ᠰᠢᠯᠢᠳ᠋ᠡᠭ᠌ ᠪᠦᠳ᠋ᠦᠮᠵᠢ ᠪᠠᠷ ᠲᠡᠬᠦᠰᠦᠭ᠍ᠰᠡᠨ ᠰᠤᠷᠤᠭᠴᠢ 》ᠵᠢᠨ ᠰᠢᠯᠭᠠᠷᠠᠭᠤᠯᠬᠤ ᠠᠷᠭ᠎ᠠ ᠪᠡᠨ ᠲᠡᠬᠦᠯᠳ᠋ᠡᠷᠵᠢᠬᠦᠯᠪᠠ ᠃

2015 ᠤᠨ ᠦ 1ᠰᠠᠷ᠎ᠠ ᠠ᠋ᠴᠠ ᠠ᠋ᠴᠠ ᠯᠢ ᠱᠸᠩ ᠺᠤᠮᠫᠠᠨ᠋ᠢ ᠶᠢᠨ ᠰᠢᠯᠭᠠᠯᠳ᠋ᠠ ᠬᠢᠨ᠋ᠠᠬᠤ ᠦᠨ᠋ᠡᠯᠡᠬᠦ ᠵᠦ᠋ᠭᠡᠯᠡᠨ ᠲᠤᠨ᠋ᠤᠭ ᠬᠡᠷᠡᠭᠯᠡᠵᠤ ᠂ ᠪᠠᠭᠰᠢ ᠨᠠᠷ ᠰᠦ᠋ᠯᠵᠢᠶᠠᠨ ᠳᠤ ᠬᠤᠯᠪᠤᠭᠳ᠋ᠠᠵᠤ ᠰᠢᠯᠭᠠᠯᠳ᠋ᠠ ᠬᠢᠨ᠋ᠠᠬᠤ ᠪᠤᠯᠤᠭᠰᠠᠨ ᠪᠠ ᠰᠢᠯᠭᠠᠯᠳ᠋ᠠ ᠤᠨ ᠶᠠᠰᠤ ᠴᠢᠨ᠋ᠠᠷ ᠤᠨ ᠵᠠᠳ᠋ᠠᠯᠤᠯᠳ᠋ᠠ ᠶᠢ ᠺᠤᠮᠫᠢᠤᠲ᠋ᠸᠷ ᠢᠶᠡᠷ ᠪᠡᠶᠡᠯᠡᠬᠦᠯᠬᠦ ᠪᠤᠯᠪᠠ ᠃

ᠳᠠᠷᠠᠭᠠᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号