123456 0476-6223398
ᠨᠠᠮ ᠡᠪᠯᠡᠯᠠᠵᠢᠯᠯᠠᠭᠠᠨ ᠬᠥᠳᠡᠯᠭᠡᠭᠡᠨ
ᠰᠠᠢᠨ ᠳᠣᠷᠠᠴᠣᠳ ᠤᠨ ᠠᠵᠢᠯᠯᠠᠭᠠᠨ ᠦᠷᠨ᠋ᠢᠭᠦᠯᠪᠠ
2016.08.18 ᠲᠣᠰ ᠥᠷᠲᠡᠭᠡᠨ ᠦ ᠨᠠᠢᠷᠠᠭᠤᠯᠤᠭᠴᠢ

ᠰᠣᠷᠣᠭᠴᠢ ᠬᠣᠷᠠᠯ ᠤᠨ ᠵᠦ᠋ᠪᠯᠡᠯ ᠤᠨ ᠣᠬᠠᠭᠣᠯᠬᠣ ᠭᠡᠯᠳ᠋ᠡᠰ ᠤᠨ ᠮᠡᠳ᠋ᠡᠭᠡ 5 ᠰᠠᠷ᠎ᠠ ᠶᠢᠨ 22 ᠤ᠋ᠨ ᠡᠳ᠋ᠣᠷ ( ᠭᠠᠷᠠᠭ ᠤᠨ ᠡᠳ᠋ᠣᠷ )ᠤ᠋ᠨ ᠦᠳ᠋ᠡ ᠶᠢᠨ ᠡᠮᠣᠨ᠎ᠡ ᠰᠣᠷᠭᠠᠭᠣᠯᠢ ᠶᠢᠨ ᠮᠣᠷᠠᠯ ᠤᠨ ᠭᠦᠮᠣᠵᠢᠯ ᠤᠨ ᠭᠠᠵᠠᠷ ᠂ ᠡᠪ ᠬᠠᠮᠳ᠋ᠣ ᠵᠠᠯᠠᠭᠣᠴᠣᠳ ᠤᠨ ᠡᠪᠯᠡᠯ ᠤᠨ ᠬᠣᠷᠢᠶ᠎ᠠ ᠂ ᠰᠣᠷᠣᠭᠴᠢ ᠬᠣᠷᠠᠯ ᠤᠨ ᠵᠦ᠋ᠪᠯᠡᠯ ᠤᠨ ᠣᠬᠠᠭᠣᠯᠬᠣ ᠭᠡᠯᠳ᠋ᠡᠰ ᠤᠨ ᠬᠢᠨ ᠪᠣᠯᠪᠠᠰᠣᠨ ᠬᠡᠪ ᠰᠣᠷᠳ᠋ᠠᠯ ᠢ ᠡᠷᠬᠢᠮᠯᠡᠨ ᠂ ᠠᠷᠢᠭᠣᠨ ᠴᠠᠪᠠᠷ ᠣᠷᠴᠢᠨ ᠢ ᠪᠣᠢ ᠪᠣᠯᠭᠠᠬᠣ ᠪᠠᠷ 《 ᠰᠣᠷᠭᠠᠭᠣᠯᠢ ᠶᠢᠨ ᠭᠦᠷᠢᠶᠠᠨ ᠦ ᠪᠣᠬᠢ ᠰᠢᠬᠢᠷ ᠤᠨ ᠬᠠᠶᠠᠭᠳ᠋ᠠᠮᠠᠯ ᠂ ᠬᠣᠭ ᠨᠣᠪᠰᠢ ᠶᠢ ᠠᠷᠢᠯᠭᠠᠨ ᠴᠡᠪᠡᠷᠯᠡᠭᠦ ᠰᠠᠢᠨ ᠳᠣᠷᠠᠴᠣᠳ ᠤᠨ ᠠᠵᠢᠯᠯᠠᠭᠠᠨ 》 ᠦᠷᠨ᠋ᠢᠭᠦᠯᠦᠭ᠍ᠰᠡᠨ ᠪᠠᠢᠨ᠎ᠠ ᠃ ᠳᠣᠰ ᠣᠳ᠋ᠠᠭᠠᠨ ᠦ ᠠᠵᠢᠯᠯᠠᠭᠠᠨ ᠨᠢ ᠰᠠᠭᠣᠷᠢ ᠣᠨ ᠦ ᠰᠣᠷᠣᠭᠴᠢᠳ ᠤᠨ ᠰᠠᠢᠨ ᠳᠣᠷ᠎ᠠ ᠠ᠋ᠴᠠ ᠪᠡᠨ ᠣᠷᠣᠯᠴᠠᠬᠣ ᠢ ᠣᠷᠢᠶᠠᠯᠠᠭᠰᠠᠨ ᠠ᠋ᠴᠠ ᠨᠡᠢᠳ᠋ᠡ 267 ᠰᠣᠷᠣᠭᠴᠢ ᠣᠷᠣᠯᠴᠠᠭᠰᠠᠨ ᠪᠦᠭᠡᠳ ᠠᠵᠢᠯ ᠳ᠋ᠤ ᠪᠡᠨ ᠳᠦ᠋ᠢᠯ ᠤᠨ ᠬᠢᠨ᠋ᠠᠮᠠᠭᠠᠢ ᠬᠠᠨᠳ᠋ᠣᠵᠣ ᠢᠳ᠋ᠡᠪᠭᠢ ᠳᠠᠢ ᠣᠷᠣᠯᠴᠠᠨ ᠂ ᠪᠣᠵᠠᠷ ᠪᠣᠷᠳ᠋ᠠᠭ ᠠ᠋ᠴᠠ ᠵᠢᠷᠣᠭᠡᠰᠢᠶᠡᠯ ᠦᠭᠡᠢ ᠪᠠᠷ ᠰᠣᠷᠭᠠᠭᠣᠯᠢ ᠶᠢᠨ ᠭᠦᠷᠢᠶᠠᠨ ᠦ ᠪᠣᠬᠢ ᠪᠣᠷᠳ᠋ᠠᠭ ᠢ ᠴᠡᠪᠡᠷᠯᠡᠨ ᠠᠷᠢᠯᠭᠠᠭᠰᠠᠨ ᠪᠠᠢᠨ᠎ᠠ ᠃ ᠬᠣᠢᠰᠢᠳ᠋ᠠ ᠡᠢᠮᠣᠷᠭᠦ ᠠᠵᠢᠯᠯᠭᠠᠨ ᠳ᠋ᠤ ᠪᠦᠭᠦᠳ᠋ᠡᠭᠡᠷ ᠢᠳ᠋ᠡᠪᠬᠢ ᠳᠠᠢ ᠣᠷᠣᠯᠴᠠᠵᠠᠭᠠᠶ᠎ᠠ ︕

( ᠰᠣᠷᠣᠭᠴᠢ ᠬᠣᠷᠠᠯ ᠤᠨ ᠵᠦ᠋ᠪᠯᠡᠯ ᠤᠨ ᠣᠬᠠᠭᠣᠯᠬᠣ ᠭᠡᠯᠳ᠋ᠡᠰ ᠤᠨ ᠭᠡᠷᠡᠯᠳ᠋ᠣᠶᠠᠭ᠎ᠠ ᠮᠡᠳ᠋ᠡᠭᠡᠯᠡᠪᠡ )

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号