123456 0476-6223398
ᠬᠥᠳᠡᠯᠭᠡᠭᠡᠨ ᠵᠢᠷᠣᠭ
ᠳ᠋ᠠᠪᠠᠨ  ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ  ᠵᠢᠷᠠᠨ ᠵᠢᠯ ᠤᠨ ᠤᠢ ᠶᠢᠨ ᠪᠠᠶᠠᠷ ᠢᠶᠡᠨ ᠪᠡᠯᠭᠡᠯᠡᠬᠦ ᠵᠠᠷ
2016.08.18 ᠲᠣᠰ ᠥᠷᠲᠡᠭᠡᠨ ᠦ ᠨᠠᠢᠷᠠᠭᠤᠯᠤᠭᠴᠢ

 ᠳ᠋ᠠᠪᠠᠨ  ᠦ  ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ

 ᠵᠢᠷᠠᠨ ᠵᠢᠯ ᠤᠨ ᠤᠢ ᠶᠢᠨ ᠪᠠᠶᠠᠷ ᠢᠶᠡᠨ ᠪᠡᠯᠭᠡᠯᠡᠬᠦ ᠵᠠᠷ

ᠰᠠᠢᠬᠠᠨ ᠬᠠᠨ ᠦ ᠰᠦ᠋ᠷᠯᠢᠭ᠌ ᠪᠠᠷ᠎ᠠ ᠪᠠᠷ ᠬᠡᠢᠮᠤᠷᠢ ᠪᠡᠨ ᠡᠷᠭᠦᠵᠦ ᠂ ᠴᠠᠭᠠᠨ ᠮᠦ᠋ᠷᠡᠨ ᠦ ᠲᠤᠩᠭᠠᠯᠠᠭ ᠴᠠᠢᠯᠵᠠᠭ᠎ᠠ ᠪᠠᠷ ᠮᠠᠨᠳ᠋ᠤ ᠶᠢᠨ ᠬᠠᠳ᠋ᠠᠭ ᠳᠡᠪᠰᠢᠭᠦᠯᠦᠭ᠍ᠰᠡᠨ ᠪᠠᠭᠠᠷᠢᠨ ᠮᠤᠩᠭᠤᠯᠴᠤᠳ ᠤᠨ ᠰᠤᠶᠤᠯ ᠰᠤᠷᠭᠠᠨ ᠬᠦᠮᠦᠵᠢᠯ ᠤᠨ ᠠᠷᠢᠭᠤᠨ ᠭᠤᠯᠤᠮᠲᠠ ᠪᠤᠯᠤᠭᠰᠠᠨ ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠨᠢ 2016 ᠤᠨ ᠦ 8 ᠰᠠᠷ᠎ᠠ ᠶᠢᠨ 22 ᠤ᠋ᠨ ᠡᠳ᠋ᠦᠷ ( ᠪᠢᠯᠢᠭ᠌ ᠤᠨ ᠤᠯᠠᠷᠢᠯ ᠤᠨ 7 ᠰᠠᠷ᠎ᠠ 20 ᠤ᠋ ᠡᠳ᠋ᠦᠷ ) ᠰᠤᠷᠭᠠᠭᠤᠯᠢ ᠪᠠᠢᠭᠤᠯᠤᠭᠳ᠋ᠠᠭᠰᠠᠨ ᠵᠢᠷᠠᠨ ᠵᠢᠯ ᠤᠨ ᠤᠢ ᠶᠢᠨ ᠪᠠᠶᠠᠷ ᠢᠶᠡᠨ ᠦᠪᠡᠳ᠋ᠡᠭ᠍ᠰᠢ ᠪᠡᠯᠭᠡᠯᠡᠬᠦ ᠪᠤᠯᠪᠠ ᠃ ᠳ᠋ᠠᠪᠠᠨ ᠦ ᠨᠢᠭᠡᠳ᠋ᠦᠭᠡᠷ ᠳᠤᠮᠳ᠋ᠠᠳ᠋ᠤ ᠰᠤᠷᠭᠠᠭᠤᠯᠢ ᠨᠢ ᠵᠢᠷᠠᠨ ᠵᠢᠯ ᠤᠨ ᠠᠶᠠᠨ ᠦ ᠬᠠᠷᠭᠤᠢ ᠳᠤ ᠬᠠᠢᠯᠠᠭᠰᠠᠨ ᠠᠮᠵᠢᠯᠲᠠ ᠪᠦᠲᠦᠮᠵᠢ ᠶᠢᠨ ᠲᠤᠤᠯᠢ ᠪᠠᠨ᠂ ᠵᠢᠷᠠᠨ ᠵᠢᠯ ᠤᠨ ᠵᠢᠳᠬᠦᠯ ᠤᠨ ᠬᠠᠩᠭᠠᠢ ᠳᠤ ᠳᠡᠯᠭᠡᠷᠡᠭᠦᠯᠦᠭ᠍ᠰᠡᠨ ᠴᠡᠴᠡᠭ᠌ ᠨᠠᠪᠴᠢ ᠶᠢᠨ ᠮᠦ᠋ᠰᠢᠶᠡᠯ ᠢᠶᠡᠨ ᠲᠠ ᠤᠯᠠᠨ ᠲᠡᠢ ᠬᠤᠪᠢᠶᠠᠯᠴᠠᠬᠤ ᠪᠠᠷ ᠪᠠᠢᠨ᠎ᠠ ᠃

ᠠᠬᠠᠮᠠᠳ ᠪᠠᠭᠰᠢ ᠂ ᠰᠤᠷᠭᠠᠭᠤᠯᠢ ᠶᠢᠨ ᠬᠠᠨ᠋ᠢᠳ᠋ᠠᠳ ᠂ ᠰᠤᠷᠤᠭᠴᠢ ᠶᠢᠨ ᠬᠡᠷ ᠤᠨ ᠠᠬᠠᠮᠠᠳ ᠂ ᠨᠡᠢᠭᠡᠮ ᠤᠨ ᠡᠯ᠎ᠠ ᠡᠳ᠋ᠡᠭᠡᠳ ᠤᠨ ᠬᠢᠨ ᠢ ᠨᠠᠢᠷ ᠤᠨ ᠬᠤᠢᠮᠤᠷ ᠲᠣ ᠬᠦᠨᠳ᠋ᠦᠳᠭᠡᠨ ᠤᠷᠢᠨ᠋ᠠᠮ ᠃

2016 ᠤᠨ ᠦ 8 ᠰᠠᠷ᠎ᠠ ᠶᠢᠨ 21 ᠤ᠋ ᠡᠳ᠋ᠦᠷ ᠤᠨ ᠠᠵᠢᠯᠯᠠᠭ᠎ᠠ

⑴ ᠰᠤᠷᠭᠠᠭᠤᠯᠢ ᠶᠢᠨ ᠬᠠᠨ᠋ᠢᠲᠠᠳ ᠂ ᠬᠡᠢᠴᠢᠨ ᠵᠤᠴᠢᠳ ᠨᠡᠷ᠎ᠡ ᠮᠡᠳ᠋ᠡᠭᠦᠯᠦᠨ᠎ᠡ ᠃

⑵ ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠤᠢᠯᠠᠯᠭ᠎ᠠ ( 2006 - 2016 ) 》 ᠂ 《 ᠬᠠᠢᠷ᠎ᠠ ᠶᠢᠨ ᠤᠨᠳ᠋ᠤᠷᠤᠯ 》 ᠂ 《 ᠰᠤᠷᠬᠤᠢ ᠰᠤᠳ᠋ᠤᠯᠬᠤᠢ ᠶᠢᠨ ᠴᠤᠮᠤᠭ 》 ᠂ 《 < ᠪᠤᠯᠤᠷ ᠡᠷᠢᠭᠡ > ᠰᠢᠯᠭᠠᠷᠠᠭᠰᠠᠨ ᠡᠷᠲᠡᠮᠳ᠋ᠡᠳ ᠤᠨ ᠰᠤᠩᠭᠤᠳ᠋ᠠᠭ ᠢᠯᠡᠳᠬᠡᠯ 》 ᠭᠡᠬᠦ ᠲᠦ᠋ᠷᠪᠡᠨ ᠨᠤᠮ  ︔ 《 ᠤᠯᠠᠨ ᠦ ᠱᠠᠭᠰᠢᠯ ᠤᠳ᠋ᠤᠳ ᠤᠨ ᠬᠢᠯᠠᠰᠤᠯ 》 ᠭᠡᠬᠦ ᠵᠢᠷᠤᠭᠲᠤ ᠲᠠᠨ᠋ᠢᠯᠴᠠᠭᠤᠯᠭ᠎ᠠ ᠶᠢᠨ ᠲᠤᠪᠬᠢᠮᠠᠯ ︔ 《 ᠨᠠᠷᠠ ᠡᠷᠭᠦᠭ᠍ᠰᠡᠨ ᠰᠤᠶᠤᠯ ᠤᠨ ᠪᠠᠭᠤᠴᠠ 》 ᠂ 《 ᠤᠯᠤᠰ ᠤᠨ ᠰᠢᠯᠭᠠᠯᠲᠠ ᠶᠢᠨ ᠡᠮᠦᠨ᠎ᠡ ᠬᠤᠢᠨ᠎ᠠ 》 ᠭᠡᠬᠦ ᠬᠤᠶᠠᠷ ᠬᠡᠷᠡᠯᠯᠢᠭ᠌ ᠳᠠᠪᠠᠭ ᠵᠡᠷᠭᠡ ᠶᠢ ᠲᠠᠷᠬᠠᠭᠠᠨ᠎ᠠ ᠃

⑶ ᠰᠤᠷᠭᠠᠭᠤᠯᠢ ᠶᠢᠨ ᠰᠤᠶᠤᠯ ᠤᠨ ᠪᠦᠲᠦᠭᠡᠨ ᠪᠠᠢᠭᠤᠯᠤᠯᠲᠠ ᠂ 《 ᠰᠤᠷᠭᠠᠭᠤᠯᠢ ᠶᠢᠨ ᠲᠡᠦᠭᠡ ᠶᠢᠨ ᠦᠵᠡᠰᠭᠦᠯᠡᠩ 》 ᠂ 《 ᠮᠤᠩᠭᠤᠯᠴᠤᠳ ᠤᠨ ᠡᠳ᠋ ᠦᠯᠦᠭ᠌ ᠤᠨ ᠦᠵᠡᠭᠦᠯᠭᠡ 》 ᠂ ᠪᠠᠭᠰᠢ ᠰᠤᠷᠤᠭᠴᠢᠳ ᠤᠨ ᠪᠦᠲᠦᠭᠡᠯ ᠵᠡᠷᠭᠡ ᠶᠢ ᠰᠤᠨ᠋ᠢᠷᠬᠠᠬᠤ ᠪᠤᠯᠤᠨ᠎ᠠ ᠃

⑷ ᠰᠤᠷᠭᠠᠭᠤᠯᠢ ᠶᠢᠨ ᠬᠠᠨ᠋ᠢᠲᠠᠳ ᠂ ᠤᠨᠴᠠ ᠤᠷᠢᠭᠰᠠᠨ ᠲᠤᠰᠬᠠᠢ ᠮᠡᠷᠭᠡᠵᠢᠯᠲᠠᠨ ᠠ᠋ᠴᠠ  ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠢᠷᠡᠭᠡᠳ᠋ᠦᠢ ᠶᠢᠨ ᠬᠦᠭᠵᠢᠯᠲᠡ ᠶᠢᠨ ᠲᠦ᠋ᠰᠦᠪ ᠤᠨ ᠲᠤᠬᠠᠢ ᠰᠤᠳ᠋ᠤᠯᠭᠠᠨ ᠦ ᠬᠤᠷᠠᠯ ᠬᠤᠷᠠᠯᠳ᠋ᠤᠨ᠎ᠠ ᠃

2016 ᠤᠨ ᠦ 8 ᠰᠠᠷ᠎ᠠ ᠶᠢᠨ 22 ᠤ᠋ᠨ ᠡᠳ᠋ᠦᠷ ᠤᠨ ᠠᠵᠢᠯᠯᠠᠭ᠎ᠠ

⑴ ᠦᠷᠯᠦᠭᠡᠨ ᠦ 8:30 ᠠ᠋ᠴᠠ  ᠳ᠋ᠠᠪᠠᠨ ᠦ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠵᠢᠷᠠᠨ ᠵᠢᠯ ᠤᠨ ᠤᠢ ᠶᠢ ᠪᠡᠯᠭᠡᠯᠡᠬᠦ ᠶᠤᠰᠤᠯᠠᠯ ᠳᠤ ᠤᠷᠤᠯᠴᠠᠨ᠎ᠠ ᠃

⑵ ᠢᠳ᠋ᠡᠷᠴᠤᠳ ᠤᠨ 256 ᠪᠦᠭᠡ ᠂ ᠰᠤᠷᠤᠭᠴᠢᠳ ᠤᠨ128 ᠪᠦᠭᠡ ᠶᠢᠨ ᠪᠠᠷᠢᠯᠳ᠋ᠤᠭᠠᠨ ᠡᠬᠢᠯᠡᠨ᠎ᠡ ᠃

⑶ ᠰᠤᠷ ᠬᠠᠷᠪᠤᠯᠳ᠋ᠠ ᠶᠢᠨ ᠤᠷᠤᠯᠳ᠋ᠤᠭᠠᠨ  ( ᠤᠯᠠᠮᠵᠢᠯᠠᠯᠳ᠋ᠤ ᠨᠤᠮᠤ ᠂  ᠪᠤᠯᠤᠳ ᠨᠤᠮᠤ ) ᠡᠬᠢᠯᠠᠨ᠎ᠠ ᠃

⑷《 < ᠪᠤᠯᠤᠷ ᠡᠷᠢᠭᠡ > ᠰᠢᠯᠭᠠᠷᠠᠭᠰᠠᠨ ᠡᠷᠲᠡᠮᠳ᠋ᠡᠳ ᠤᠨ ᠰᠤᠩᠭᠤᠳ᠋ᠠᠭ ᠢᠯᠡᠳᠬᠡᠯ 》 ᠤ᠋ᠨ ᠲᠠᠪᠴᠠᠩ ᠳᠤ ᠡᠷᠲᠡᠮᠳ᠋ᠡᠳ ᠠ᠋ᠴᠠ ᠢᠯᠡᠳᠬᠡᠯ ᠬᠢᠨ᠎ᠡ ᠃

⑸ 《 ᠨᠡᠬᠦᠳ᠋ᠡᠯ ᠰᠤᠶᠤᠯ ᠢᠷᠭᠡᠨᠰᠢᠯ ᠬᠢᠭᠡᠳ ᠰᠤᠷᠭᠠᠨ ᠬᠦᠮᠦᠵᠢᠯ 》 ᠬᠡᠬᠦ ᠶᠠᠷᠢᠯᠴᠠᠭᠠᠨ ᠦ ᠲᠡᠪᠴᠠᠩ  ᠳᠤ ᠡᠷᠳ᠋ᠡᠮᠳ᠋ᠠᠳ ᠠ᠋ᠴᠠ ᠢᠯᠡᠳᠭᠡᠯ ᠬᠢᠨ᠎ᠠ ᠃

⑹  ᠤᠷᠤᠢ ᠶᠢᠨ 7 ᠴᠠᠭ ᠲᠣ 《 ᠨᠠᠷᠠ ᠳᠠᠯᠠᠯᠤᠭᠰᠠᠨ ᠤᠶᠠᠩᠭ᠎ᠠ 》 ᠭᠡᠬᠦ ᠤᠷᠠᠨ ᠰᠠᠢᠬᠠᠨ ᠦ ᠲᠤᠭᠯᠠᠯᠲᠠ ᠰᠤᠨ᠋ᠢᠷᠬᠠᠨ᠎ᠠ ᠃

2016 ᠤᠨ ᠦ 8 ᠰᠠᠷ᠎ᠠ ᠶᠢᠨ 23 ᠤ᠋ ᠡᠳ᠋ᠦᠷ ᠤᠨ ᠠᠵᠢᠯᠯᠠᠭ᠎ᠠ

⑴ ᠪᠦᠭᠡ ᠶᠢᠨ ᠪᠠᠷᠢᠯᠳ᠋ᠤᠭᠠᠨ ᠂ ᠰᠤᠷ ᠬᠠᠷᠪᠤᠯᠳ᠋ᠠ ᠦᠷᠬᠦᠯᠵᠢᠯᠡᠨ᠎ᠡ ᠃

⑵《 < ᠪᠤᠯᠤᠷ ᠡᠷᠢᠭᠡ > ᠰᠢᠯᠭᠠᠷᠠᠭᠰᠠᠨ ᠡᠷᠲᠡᠮᠳ᠋ᠡᠳ ᠤᠨ ᠰᠤᠩᠭᠤᠳ᠋ᠠᠭ ᠢᠯᠡᠳᠬᠡᠯ 》 ᠤ᠋ᠨ ᠲᠠᠪᠴᠠᠩ ᠳᠤ ᠡᠷᠲᠡᠮᠳ᠋ᠡᠳ ᠠ᠋ᠴᠠ ᠢᠯᠡᠳᠬᠡᠯ ᠬᠢᠨ᠎ᠡ ᠃

⑶ ᠪᠦᠭᠡ ᠶᠢᠨ ᠪᠠᠷᠢᠯᠳ᠋ᠤᠭᠠᠨ ᠂ ᠰᠤᠷ ᠬᠠᠷᠪᠤᠯᠳ᠋ᠠ ᠶᠢᠨ ᠱᠠᠩᠨ᠋ᠠᠯ ᠤᠯᠭᠤᠬᠤ ᠶᠤᠰᠤᠯᠠᠯ ᠶᠠᠪᠤᠭᠳ᠋ᠠᠨ᠎ᠠ ᠃

2016 ᠤᠨ ᠦ 9 ᠰᠠᠷ᠎ᠠ ᠶᠢᠨ ᠠᠵᠢᠯᠯᠠᠭ᠎ᠠ

⑴ ᠰᠤᠷᠭᠠᠭᠤᠯᠢ ᠪᠠᠢᠭᠤᠯᠤᠭᠳ᠋ᠠᠭᠰᠠᠨ 60 ᠵᠢᠯ ᠤᠨ ᠤᠢ ᠶᠢ ᠪᠡᠯᠭᠡᠯᠡᠬᠦ ᠡᠬᠢᠯᠡᠯᠳ᠋ᠠ ᠶᠢᠨ ᠶᠤᠰᠤᠯᠠᠯ ᠂ ᠨᠠᠢᠷ ᠨᠠᠭᠠᠳ᠋ᠤᠮ ᠂ ᠡᠷᠳ᠋ᠡᠮ ᠰᠢᠨᠵᠢᠯᠡᠭᠡᠨ ᠦ ᠢᠯᠡᠳᠭᠡᠯ ᠂ 《 ᠨᠠᠷᠠ ᠲᠠᠯᠠᠯᠤᠭᠰᠠᠨ ᠤᠶᠠᠩᠭ᠎ᠠ 》 ᠦᠳ᠋ᠡᠰᠢᠯᠡᠭᠡ ᠶᠢᠨ ᠰᠢᠩᠭᠡᠭᠡᠯᠳ᠋ᠠ ᠶᠢᠨ ᠴᠤᠮᠤᠭ ᠢ ᠲᠠᠷᠬᠠᠭᠠᠨ᠎ᠠ ᠃

⑵ ᠪᠦᠬᠦ ᠤᠷᠤᠨ ᠦ ᠬᠡᠯᠡ ᠪᠢᠴᠢᠭ᠌ ᠤᠨ ᠵᠢᠭᠠᠨ ᠰᠤᠷᠭᠠᠯᠳ᠋ᠠ ᠶᠢᠨ ᠰᠤᠳ᠋ᠤᠯᠬᠤ ᠬᠤᠷᠠᠯ ᠂ ᠬᠡᠯᠡ ᠪᠢᠴᠢᠭ᠌ ᠤᠨ ᠪᠠᠭᠰᠢ ᠨᠠᠷ ᠤᠨ ᠪᠤᠯᠪᠠᠰᠤᠷᠠᠯ ᠢ ᠲᠠᠭᠠᠭᠠᠴᠢᠯᠠᠨ ᠡᠷᠬᠢᠯᠡᠨ᠎ᠡ ᠃

ᠨᠠᠢ᠍ᠮᠠᠨ ᠵᠤᠪᠬᠢᠰ ᠠ᠋ᠴᠠ ᠰᠡᠳᠬᠢᠯ ᠤᠨ ᠬᠤᠯᠪᠤᠭ᠎ᠠ ᠢᠵᠢᠯᠢᠭᠡᠨ ᠂ ᠲᠦ᠋ᠷᠪᠡᠨ ᠵᠦ᠋ᠭ᠌ ᠠ᠋ᠴᠠ ᠲᠤᠷᠠᠰᠤᠯ ᠤᠨ ᠬᠡᠯᠬᠢᠶ᠎ᠡ ᠠᠳ᠋ᠠᠯᠢᠬᠠᠨ ᠡᠷᠬᠢᠨ ᠲᠠ ᠪᠦᠬᠦᠨ ᠮᠠᠨ᠋ᠢ ᠬᠡᠢᠮᠤᠷᠢ ᠮᠡᠨᠳ᠋ᠤ ᠶᠢᠨ ᠬᠡᠰᠢᠭ᠌ ᠢᠷᠦᠭᠡᠯ ᠢᠶᠡᠷ ᠨᠠᠢᠷ ᠤᠨ ᠰᠠᠢᠬᠠᠨ ᠳᠤ ᠰᠠᠭᠠᠳ᠋ᠠᠮᠤ ᠃ (  ᠨᠠᠢᠷ ᠤᠨ ᠠᠵᠢᠯᠯᠠᠭᠠᠨ ᠳᠤ ᠪᠡᠯᠡᠭ᠌ ᠰᠠᠭᠠᠯᠢ ᠬᠤᠷᠢᠶᠠᠬᠤ ᠦᠭᠡᠢ ᠂  ᠵᠤᠴᠢᠯᠠᠯᠭ᠎ᠠ ᠲᠠᠢᠯᠠᠯᠭ᠎ᠠ ᠲᠠᠯᠪᠢᠬᠤ ᠦᠭᠡᠢ ᠬᠡᠳ᠋ᠡᠭ᠌ ᠢ ᠲᠤᠳ᠋ᠤᠷᠬᠠᠢᠯᠠᠰᠤ )

 

ᠪᠠᠭᠠᠷᠢᠨ ᠪᠠᠷᠠᠭᠤᠨ ᠬᠤᠰᠢᠭᠤᠨ ᠦ ᠳ᠋ᠠᠪᠠᠨ ᠦ

ᠨᠢᠭᠡᠳ᠋ᠦᠭᠡᠷ    ᠳᠤᠮᠳ᠋ᠠᠳ᠋ᠤ     ᠰᠤᠷᠭᠠᠭᠤᠯᠢ

2016 ᠤᠨ ᠦ 8 ᠰᠠᠷ᠎ᠠ ᠶᠢᠨ 17 ᠳ᠋ᠥ

 

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号