123456 0476-6223398
ᠵᠢᠭᠠᠨ ᠰᠤᠷᠭᠠᠯᠲᠠ ᠴᠠᠬᠢᠯᠭᠠᠨᠴᠢᠯᠠᠭᠰᠠᠨ ᠰᠤᠷᠭᠠᠯᠲᠠ
2017-2018 ᠬᠢᠴᠢᠶᠡᠯᠯᠡᠬᠦ ᠣᠨ ᠤ ᠳᠡᠭᠡᠳᠦ ᠰᠤᠷᠤᠯᠭ᠎ᠠ ᠶᠢᠨ ᠬᠤᠭᠤᠴᠠᠭᠠᠨ ᠤ ᠠᠵᠢᠯ ᠤᠨ ᠲᠥᠰᠦᠪ
2017.09.13 ᠲᠣᠰ ᠥᠷᠲᠡᠭᠡᠨ ᠦ ᠨᠠᠢᠷᠠᠭᠤᠯᠤᠭᠴᠢ

2017— 2018  ᠬᠢᠴᠢᠶᠡᠯᠯᠡᠬᠦ ᠣᠨ ᠤ ᠲᠡᠬᠡᠳ᠋ᠦ ᠬᠤᠭᠤᠴᠠᠭᠠᠨ  ᠤ

ᠴᠠᠬᠢᠯᠭᠠᠨᠵᠢᠭᠰᠠᠨ  ᠵᠢᠭᠠᠨ  ᠰᠤᠷᠭᠠᠯᠳ᠋ᠠ  ᠶᠢᠨ ᠭᠠᠵᠠᠷ  ᠤᠨ  ᠠᠵᠢᠯ ᠤᠨ ᠲᠥᠰᠥᠪ

        ᠳ᠋ᠠᠪᠠᠨ ᠦ ᠨᠢᠭᠡᠳ᠋ᠦᠭᠡᠷ ᠳᠤᠮᠳ᠋ᠠᠳ᠋ᠤ ᠰᠣᠷᠭᠠᠭᠤᠯᠢ ᠶᠢᠨ

         ᠴᠠᠬᠢᠯᠭᠠᠨᠵᠢᠭᠰᠠᠨ ᠵᠢᠭᠠᠨ ᠰᠣᠷᠭᠠᠯᠲᠠ ᠶᠢᠨ ᠭᠠᠵᠠᠷ

      

           ᠨᠢᠬᠡ ᠂  ᠵᠢᠯᠤᠭᠤᠳᠬᠤ ᠦᠵᠡᠯ ᠰᠠᠨ᠋ᠠᠭ᠎ᠠ  

           ᠰᠤᠷᠭᠠᠭᠤᠯᠢ ᠶᠢᠨ ᠵᠢᠭᠠᠨ ᠰᠤᠷᠭᠠᠬᠤ ᠠᠵᠢᠯ ᠤᠨ ᠲᠦ᠋ᠰᠦᠪ ᠢᠶᠡᠷ ᠵᠢᠯᠤᠭᠤᠳ᠋ᠤᠯᠭ᠎ᠠ ᠪᠤᠯᠭᠠᠨ ᠂ ᠴᠠᠬᠢᠯᠭᠠᠨᠵᠢᠭᠰᠠᠨ ᠵᠢᠭᠠᠨ ᠰᠤᠷᠭᠠᠯᠳ᠋ᠠ ᠂  ᠲᠤᠷᠰᠢᠯᠲᠠ ᠶᠢᠨ ᠵᠢᠭᠠᠨ ᠰᠤᠷᠭᠠᠯᠲᠠ ᠶᠢᠨ ᠦᠢᠯᠡᠳ᠋ᠦᠯ ᠴᠢᠳ᠋ᠡᠪᠬᠢ ᠪᠠᠨ ᠬᠦᠢᠴᠡᠳ ᠪᠠᠳ᠋ᠠᠷᠠᠭᠤᠯᠵᠤ ᠂  ᠰᠢᠨ᠎ᠡ ᠡᠷᠡᠨ ᠦ ᠤᠷ᠎ᠠ ᠮᠡᠷᠬᠡᠰᠢᠯ ᠪᠦᠬᠦᠢ ᠪᠠᠭᠰᠢ ᠶᠢᠨ ᠡᠩᠨᠡᠭᠡ ᠶᠢ ᠪᠦᠳ᠋ᠦᠬᠡᠨ ᠪᠠᠢᠭᠤᠯᠵᠤ ᠂ ᠵᠢᠭᠠᠨ ᠰᠤᠷᠭᠠᠯᠳ᠋ᠠ ᠶᠢᠨ ᠠᠵᠢᠯ ᠤᠨ ᠬᠢᠷᠢ ᠲᠦ᠋ᠪᠰᠢᠨ ᠢ ᠲᠡᠬᠡᠭ᠍ᠰᠢᠯᠡᠬᠦᠯᠬᠦ ᠳ᠋ᠤ ᠴᠢᠳ᠋ᠠᠮᠠᠭᠠᠢ ᠪᠠᠷ ᠦᠢᠯᠡᠴᠢᠯᠡᠨ ᠂ ᠰᠤᠷᠭᠠᠭᠤᠯᠢ ᠶᠢᠨ ᠪᠤᠰᠤᠳ ᠬᠠᠮᠢᠶ᠎ᠠ ᠪᠦᠬᠦᠢ ᠠᠵᠢᠯ ᠤᠨ ᠢᠯᠭᠤᠮ ᠤᠷᠤᠭᠰᠢᠳ᠋ᠠᠢ ᠶᠠᠪᠤᠭᠳ᠋ᠠᠬᠤ  ᠳ᠋ᠤ ᠪᠠᠳ᠋ᠤᠯᠠᠭ᠎ᠠ ᠪᠤᠯᠤᠨ᠎ᠠ ᠃

           ᠬᠤᠶᠠᠷ ᠂  ᠠᠵᠢᠯ ᠤᠨ ᠬᠠᠷᠠᠯᠲᠠ ᠪᠠ ᠰᠡᠳᠬᠢᠮᠵᠢ

           ᠬᠢᠴᠢᠶᠡᠯ ᠡᠷᠬᠢᠯᠡᠬᠦ ᠭᠠᠵᠠᠷ ᠪᠡ ᠵᠢᠭᠠᠬᠤ ᠶᠢ ᠰᠣᠳ᠋ᠣᠯᠬᠤ ᠦᠬᠡᠷᠡᠴᠢᠯᠡᠬᠦ ᠭᠠᠵᠷ ᠤᠨ ᠠᠵᠢᠯ ᠢ ᠢᠳ᠋ᠡᠪᠬᠢᠳ᠋ᠠᠢ ᠲᠡᠮᠵᠢᠨ ᠂ ᠴᠠᠬᠢᠯᠭᠠᠨᠵᠢᠭᠰᠠᠨ ᠵᠢᠭᠠᠨ ᠰᠤᠷᠭᠠᠯᠳ᠋ᠠ ᠪᠡ ᠲᠤᠷᠰᠢᠯᠲᠠ ᠶᠢᠨ ᠵᠢᠭᠠᠨ ᠰᠤᠷᠭᠠᠯᠳ᠋ᠠ ᠪᠠᠷ 《 ᠰᠢᠨ᠎ᠠ ᠬᠢᠴᠢᠶᠡᠯ ᠤᠨ ᠦᠬᠡᠷᠡᠴᠢᠯᠡᠯᠳ᠋ᠡ 》‍᠎ ᠶᠢ ᠲᠦ᠋ᠯᠬᠢᠨ ᠠᠬᠢᠭᠤᠯᠵᠥ ᠂ ᠬᠢᠴᠢᠶᠡᠯᠯᠡᠬᠡ ᠶᠢᠨ ᠦᠷ᠎ᠡ ᠠᠰᠢᠭᠲᠤ ᠴᠢᠨ᠋ᠠᠷ ᠢ ᠲᠡᠬᠡᠭ᠍ᠰᠢᠯᠡᠬᠦᠯᠬᠦ ᠂ ᠲᠤᠤᠷ ᠰᠦ᠋ᠯᠵᠢᠶ᠎ᠡ ᠶᠢᠨ ᠡᠬᠢ ᠪᠠᠶᠠᠯᠢᠭ ᠢ ᠨᠡᠬᠡᠬᠡᠨ ᠠᠰᠢᠭᠯᠠᠬᠤ ᠂ ᠰᠤᠷᠠᠭ ᠵᠠᠩᠬᠢᠴᠢᠯᠡᠯᠳ᠋ᠠ ᠶᠢᠨ ᠮᠡᠷᠬᠡᠵᠢᠯ ᠢ ᠪᠤᠯᠪᠠᠰᠤᠷᠠᠭᠤᠯᠬᠤ ᠂ ᠵᠦ᠋ᠬᠡᠯᠡᠨ ᠲᠤᠨ᠋ᠤᠭ ᠢ ᠠᠰᠢᠭᠯᠠᠬᠤ ᠵᠡᠷᠬᠡ ᠪᠠᠷ ᠵᠢᠭᠠᠨ ᠰᠤᠷᠭᠠᠯᠳ᠋ᠠ ᠶᠢᠨ ᠦᠬᠡᠷᠡᠴᠢᠯᠡᠯᠳ᠋ᠡ ᠶᠢᠨ ᠠᠵᠢᠯ ᠢ ᠤᠯᠠᠮ ᠦᠨᠳ᠋ᠦᠷ ᠲᠡᠭ᠍ᠳ᠋ᠡᠷ ᠲᠤ ᠬᠦᠷᠭᠡᠨ ᠂ ᠵᠤᠷᠢᠯᠭ᠎ᠠ ᠲᠡᠢ ᠂ ᠠᠯᠬᠤᠮ ᠲᠠᠷᠠᠭ᠎ᠠ ᠲᠡᠢ ᠂ ᠪᠦᠳ᠋ᠦᠮᠵᠢᠳ᠋ᠠᠢ ᠪᠠᠷ ᠪᠠᠭᠰᠢ ᠨᠠᠷ ᠤᠨ ᠤᠳ᠋ᠤᠬᠢᠴᠢᠯᠠᠭᠰᠠᠨ ᠵᠢᠭᠠᠨ ᠰᠤᠷᠭᠠᠯᠳ᠋ᠠ ᠶᠢᠨ ᠲᠤᠨᠤᠭ ᠲᠦ᠋ᠬᠦᠬᠡᠷᠦᠮᠵᠢ ᠶᠢ ᠬᠡᠷᠡᠭᠯᠡᠬᠦ ᠮᠡᠷᠬᠡᠰᠢᠯ ᠤᠨ ᠬᠢᠷᠢ ᠲᠦᠪᠰᠢᠨ ᠢ ᠲᠡᠬᠡᠭ᠍ᠰᠢᠯᠡᠬᠦᠯᠵᠤ ᠂  ᠤᠳ᠋ᠤᠬᠢᠴᠢᠯᠠᠭᠰᠠᠨ ᠵᠢᠭᠠᠨ ᠰᠤᠷᠭᠠᠯᠳ᠋ᠠ ᠶᠢᠨ ᠮᠡᠷᠬᠡᠰᠢᠯ ᠤᠨ ᠬᠡᠷᠡᠭᠯᠡᠯᠳ᠋ᠡ ᠶᠢᠨ ᠲᠤᠬᠠᠢ ᠰᠤᠳ᠋ᠣᠯᠭᠠᠨ ᠢ ᠥᠷᠨᠢᠭᠦᠯᠬᠦ ᠳ᠋ᠤ ᠰᠠᠭᠤᠷᠢ ᠲᠠᠯᠪᠢᠨ᠎ᠠ ᠃

           ᠭᠤᠷᠪᠠ ᠂ ᠠᠵᠢᠯ ᠤᠨ  ᠭᠣᠣᠯᠳ᠋ᠠᠯᠭ᠎ᠠ

           1. ᠪᠠᠭᠰᠢ ᠨᠢᠬᠡᠪᠤᠷᠢ ᠶᠢᠨ ᠺᠤᠮᠫᠢᠤᠢᠲ᠋ᠸᠷ ᠂ ᠡᠯᠸᠺᠲ᠋ᠷᠤᠨ ᠰᠠᠮᠪᠠᠷ᠎ᠠ ᠬᠢᠬᠡᠳ ᠲᠤᠤᠷ ᠰᠦ᠋ᠯᠵᠢᠶ᠎ᠡ ᠶᠢ ᠲᠤᠬᠠᠢᠯᠠᠭᠰᠠᠨ ᠠᠵᠢᠯ ᠳ᠋ᠤ ᠪᠠᠨ ᠴᠢᠳ᠋ᠠᠮᠠᠭᠠᠢ ᠠᠰᠢᠭᠯᠠᠵᠤ ᠂ ᠤᠯᠠᠨ ᠵᠠᠭᠤᠴᠢᠳ᠋ᠤ ᠵᠢᠭᠠᠨ ᠰᠤᠷᠭᠠᠯᠳ᠋ᠠ ᠵᠡᠷᠬᠡ ᠣᠳ᠋ᠣᠬᠢᠴᠢᠯᠠᠭᠰᠠᠨ ᠵᠢᠭᠠᠨ ᠰᠤᠷᠭᠠᠯᠳ᠋ᠠ ᠶᠢᠨ ᠠᠷᠭ᠎ᠠ ᠬᠡᠷᠡᠭᠯᠡᠬᠦᠷ ᠢ ᠬᠡᠷᠡᠭᠯᠡᠬᠦ ᠳ᠋ᠤ ᠨᠢ ᠦᠢᠯᠡᠴᠢᠯᠡᠬᠡᠨ ᠪᠡ ᠮᠡᠷᠬᠡᠵᠢᠯ ᠤᠨ ᠵᠢᠯᠤᠭᠤᠳ᠋ᠤᠯᠭ᠎ᠠ ᠶᠢ ᠬᠠᠩᠭᠠᠨ᠎ᠠ ᠃

           2. ᠰᠤᠷᠭᠠᠭᠤᠯᠢ ᠶᠢᠨ ᠡᠯ᠎ᠡ ᠵᠦᠢᠯ ᠤᠨ ᠮᠠᠰᠢᠨ ᠲᠤᠨᠤᠭ ᠢ ᠠᠷᠠᠴᠢᠯᠠᠨ ᠬᠠᠮᠠᠭᠠᠯᠠᠬᠤ ᠶᠢ ᠪᠠᠢᠩᠭᠤ ᠪᠠᠷᠢᠮᠳ᠋ᠠᠯᠠᠵᠤ ᠂  ᠲᠤᠨᠤᠭ ᠲᠦ᠋ᠬᠦᠬᠡᠷᠦᠮᠵᠢ ᠶᠢᠨ ᠬᠠᠮᠢᠶᠠᠷᠤᠯᠳ᠋ᠠ ᠪᠠ ᠠᠰᠢᠭᠯᠠᠯᠳ᠋ᠠ ᠶᠢ ᠴᠢᠩᠭᠠᠳᠬᠠᠬᠤ ᠂ ᠮᠠᠰᠢᠨ ᠲᠤᠨᠤᠭ ᠢ ᠪᠦᠷᠢᠳᠬᠡᠬᠦ ᠂ ᠠᠷᠠᠴᠢᠯᠠᠨ ᠬᠠᠮᠠᠭᠠᠯᠠᠬᠤ ᠰᠡᠯᠪᠢᠨ ᠵᠠᠰᠠᠬᠤ ᠪᠡ ᠵᠥᠭᠡᠯᠡᠨ ᠲᠤᠨᠤᠭ ᠤᠨ ᠲᠠᠯ᠎ᠠ ᠶᠢᠨ ᠰᠡᠯᠪᠢᠨ ᠰᠢᠨᠡᠴᠢᠯᠡᠯᠲᠡ ᠬᠢᠬᠦ ᠵᠡᠷᠬᠡ ᠠᠵᠢᠯ ᠢ ᠴᠠᠭ ᠲᠤᠬᠠᠢ ᠳ᠋ᠤ ᠨᠢ  ᠰᠠᠶᠢᠲᠤᠷ ᠬᠢᠵᠤ ᠂ ᠵᠢᠭᠠᠨ ᠰᠤᠷᠭᠠᠯᠳ᠋ᠠ ᠶᠢᠨ ᠠᠵᠢᠯ ᠂ ᠮᠤᠷᠠᠯ ᠤᠨ ᠬᠦᠮᠦᠵᠢᠯ ᠤᠨ ᠠᠵᠢᠯ ᠂ ᠠᠷᠤ ᠦᠢᠯᠡᠴᠢᠯᠡᠬᠡᠨ ᠦ ᠠᠵᠢᠯ ᠂ ᠪᠠᠢᠷᠢ ᠶᠢᠨ ᠬᠠᠮᠢᠶᠠᠷᠣᠯᠳ᠋ᠠ ᠶᠢᠨ ᠠᠵᠢᠯ ᠂ ᠲᠡᠳᠬᠦᠮᠵᠢ ᠶᠢᠨ ᠠᠵᠢᠯ ᠂ ᠠᠮᠤᠷ  ᠲᠦᠪᠰᠢᠨ ᠦ ᠬᠠᠮᠢᠶᠠᠷᠣᠯᠳ᠋ᠠ ᠶᠢᠨ ᠠᠵᠢᠯ ᠂ ᠲᠠᠩᠰᠠ ᠡᠪᠬᠡᠮᠡᠯ ᠤᠨ ᠠᠵᠢᠯ ᠵᠡᠷᠬᠡ ᠡᠯ᠎ᠡ ᠠᠵᠢᠯᠯᠠᠬᠤ ᠴᠢᠭ  ᠤᠨ ᠠᠵᠢᠯ ᠤᠨ ᠤᠷᠤᠭᠰᠢᠳ᠋ᠠᠢ ᠶᠠᠪᠤᠭᠳ᠋ᠠᠬᠤ ᠶᠢ ᠪᠠᠳ᠋ᠤᠯᠠᠨ᠎ᠠ  ᠃

           3. ᠰᠤᠷᠭᠠᠭᠤᠯᠢ ᠶᠢᠨ ᠨᠢᠬᠡᠳ᠋ᠦᠯᠳ᠋ᠠᠢ ᠠᠵᠢᠯᠯᠠᠭᠠᠨ ᠬᠦᠳ᠋ᠡᠯᠬᠡᠬᠡᠨ ᠂ ᠡᠯ᠎ᠡ ᠵᠢᠭᠠᠬᠤ ᠶᠢ ᠰᠤᠳ᠋ᠤᠯᠬᠤ ᠲᠤᠭᠤᠢᠯᠠᠩ ᠪᠡ ᠤᠨ ᠦ ᠬᠡᠯᠳ᠋ᠡᠰ ᠤᠨ ᠬᠢᠴᠢᠶᠡᠯ ᠤᠨ ᠭᠠᠳ᠋ᠠᠨ᠋ᠠᠬᠢ ᠬᠦᠳ᠋ᠡᠯᠬᠡᠬᠡᠨ ᠂ ᠬᠤᠶᠠᠳ᠋ᠠᠬᠢ ᠬᠢᠴᠢᠶᠡᠯ ᠤᠨ ᠲᠠᠩᠬᠢᠮ ᠤᠨ ᠠᠵᠢᠯᠯᠠᠭᠠᠨ ᠬᠢᠬᠡᠳ ᠤᠷᠠᠨ ᠲᠤᠭᠯᠠᠯᠳ᠋ᠠ ᠂ ᠲᠠᠮᠢᠷ ᠲᠤᠭᠯᠠᠭᠠᠮ ᠵᠡᠷᠬᠡ ᠠᠵᠢᠯᠯᠠᠭᠠᠨ ᠬᠦᠳ᠋ᠡᠯᠬᠡᠬᠡᠨ ᠦ ᠵᠢᠷᠤᠭ ᠰᠡᠬᠦᠳ᠋ᠡᠷ ᠠᠪᠬᠤ ᠂ ᠲᠦ᠋ᠷᠰᠦ ᠰᠢᠩᠬᠡᠬᠡᠯᠳ᠋ᠡ ᠬᠢᠬᠦ ᠵᠡᠷᠬᠡ ᠠᠵᠢᠯ ᠢ ᠢᠳ᠋ᠡᠪᠬᠢᠳ᠋ᠠᠢ ᠬᠦᠢᠴᠡᠳᠬᠡᠵᠤ ᠂ ᠰᠤᠷᠭᠠᠭᠤᠯᠢ ᠶᠢᠨ ᠬᠦᠭᠵᠢᠯᠳ᠋ᠡ ᠶᠢᠨ ᠲᠡᠤᠬᠡ ᠶᠢᠨ ᠵᠢᠷᠣᠭ ᠰᠡᠬᠦᠳ᠋ᠡᠷ ᠤᠨ ᠬᠦᠮᠦᠷᠬᠡ ᠂ ᠲᠠᠩᠰᠠ ᠡᠪᠬᠡᠮᠡᠯ ᠪᠠᠢᠭᠤᠯᠬᠤ ᠳ᠋ᠤ ᠪᠤᠷᠤ ᠮᠠᠲ᠋ᠸᠷᠢᠶᠠᠯ ᠢ ᠴᠤᠭᠯᠠᠭᠤᠯᠤᠨ ᠦᠭ᠍ᠬᠦᠨ᠎ᠡ ᠃

           4. ᠰᠤᠷᠭᠠᠭᠤᠯᠢ ᠶᠢᠨ ᠰᠦᠯᠵᠢᠶ᠎ᠡ ᠂ ᠰᠤᠷᠭᠠᠭᠤᠯᠢ ᠶᠢᠨ ᠵᠢᠭᠠᠨ ᠰᠤᠷᠭᠠᠯᠲᠠ ᠶᠢᠨ ᠡᠬᠢ ᠪᠠᠶᠠᠯᠢᠭ ᠤᠨ ᠬᠥᠮᠥᠷᠭᠡ ᠂ ᠣᠳᠣᠬᠢᠴᠢᠯᠠᠭᠰᠠᠨ ᠠᠯᠪᠠᠯᠠᠬᠤ ᠰᠢᠰᠲ᠋ᠧᠮ ᠎-  ᠣᠶᠤᠨᠴᠢ ᠰᠤᠷᠭᠠᠭᠤᠯᠢ OA  ᠠᠰᠢᠭᠯᠠᠯᠲᠠ ᠶᠢ ᠳᠡᠭᠡᠭᠰᠢᠯᠡᠭᠦᠯᠵᠦ᠂ ᠰᠤᠷᠭᠠᠭᠤᠯᠢ ᠶᠢᠨ ᠡᠯ᠎ᠡ ᠲᠠᠯ᠎ᠠ ᠶᠢᠨ ᠠᠵᠢᠯ ᠤᠨ ᠪᠦᠳᠦᠮᠵᠢ ᠶᠢ ᠳᠡᠭᠡᠭᠰᠢᠯᠡᠭᠦᠯᠦᠨ᠎ᠡ  ᠃

            5.  ᠪᠠᠰᠠ ᠨᠢᠭᠡᠨ ᠢᠵᠢ ᠢᠵᠢᠯ ᠳᠠᠪᠲᠠᠮᠵᠢᠲᠤ ᠠᠯᠤᠰ ᠵᠢᠭᠠᠨ ᠰᠤᠷᠭᠠᠯᠲᠠ ᠶᠢᠨ ᠬᠢᠴᠢᠶᠡᠯ ᠦᠨ ᠲᠢᠩᠬᠢᠮ ᠢ ᠪᠦᠲᠡᠭᠡᠨ ᠪᠠᠶᠢᠭᠤᠯᠵᠤ ᠠᠰᠢᠭᠯᠠᠯᠲᠠ ᠳᠤ ᠣᠷᠣᠭᠤᠯᠬᠤ᠃

 

           ᠲᠦ᠋ᠷᠪᠡ ᠂  ᠪᠤᠳ᠋ᠠᠳ᠋ᠠᠢ ᠠᠵᠢᠯ ᠤᠨ ᠪᠠᠢᠷᠢᠯᠠᠭᠤᠯᠤᠯ

      ᠶᠢᠰᠦᠳ᠋ᠦᠭᠡᠷ ᠰᠠᠷ᠎ᠠ

           1. ᠬᠤᠭᠤᠴᠠᠭᠠᠨ ᠡᠬᠢᠨ ᠦ ᠠᠵᠢᠯ ᠤᠨ ᠲᠦ᠋ᠰᠦᠪ ᠲᠦ᠋ᠯᠦᠪᠯᠡᠬᠡ ᠶᠢ  ᠲᠤᠭᠳ᠋ᠠᠭᠠᠨ᠎ᠠ ᠃

           2. ᠰᠤᠷᠭᠠᠭᠤᠯᠢ ᠶᠢᠨ ᠰᠦᠯᠵᠢᠶ᠎ᠡ ᠂ ᠰᠤᠷᠭᠠᠭᠤᠯᠢ ᠶᠢᠨ ᠵᠢᠭᠠᠨ ᠰᠤᠷᠭᠠᠯᠲᠠ ᠶᠢᠨ ᠡᠬᠢ ᠪᠠᠶᠠᠯᠢᠭ ᠤᠨ ᠬᠥᠮᠥᠷᠭᠡ ᠂ ᠣᠳᠣᠬᠢᠴᠢᠯᠠᠭᠰᠠᠨ ᠠᠯᠪᠠᠯᠠᠬᠤ ᠰᠢᠰᠲ᠋ᠧᠮ ᠎-  ᠣᠶᠤᠨᠴᠢ ᠰᠤᠷᠭᠠᠭᠤᠯᠢ OA  ᠶᠢᠨ ᠲᠠᠯ᠎ᠠ ᠳ᠋ᠤ ᠣᠷᠤᠰᠢᠵᠤ ᠪᠠᠢᠬᠤ ᠠᠰᠠᠭᠤᠳᠠᠯ ᠢ ᠡᠷᠢᠨ ᠭᠠᠷᠭᠠᠵᠤ᠂ ᠰᠢᠯᠢᠳᠡᠭᠵᠢᠭᠦᠯᠦᠨ ᠰᠢᠨᠡᠳᠭᠡᠨ᠎ᠡ᠃

           3. ᠰᠢᠨ᠎ᠡ ᠳᠡᠭᠡᠳ᠋ᠦ ᠨᠢᠭᠡ ᠶᠢᠨ ᠠᠩᠬᠢ ᠳᠤ ᠤᠯᠠᠨ ᠵᠠᠭᠤᠴᠢ ᠂  ᠲᠧᠯᠸᠢᠰ ᠮᠠᠰᠢᠨ ᠵᠡᠷᠭᠡ ᠶᠢ ᠲᠤᠰᠢᠶᠠᠨ ᠥᠭᠴᠦ᠂ ᠰᠤᠷᠤᠭᠴᠢᠳ ᠡᠪᠳ᠋ᠡᠯᠵᠤ  ᠰᠦᠢᠳᠬᠡᠪᠡᠯ ᠲᠥᠯᠥᠬᠦ ᠳᠦᠷᠢᠮ ᠲᠤᠭᠳ᠋ᠠᠭᠠᠯ  ᠬᠡᠷᠡᠭᠵᠢᠭᠦᠯᠬᠦ ᠭᠠᠷ ᠬᠦᠢᠴᠡᠳᠬᠡᠯ ᠢ ᠬᠢᠨ᠎ᠡ ᠃

      4.  ᠪᠦᠬᠦ ᠪᠠᠭᠰᠢ ᠠᠵᠢᠯᠲᠠᠨ ᠳ᠋ᠤ ᠤᠯᠠᠭᠠᠨᠬᠠᠳᠠ ᠶᠢᠨ ᠣᠶᠤᠨᠴᠢ ᠰᠤᠷᠭᠠᠨ ᠬᠥᠮᠦᠵᠢᠯ ᠰᠢᠰᠲ᠋ᠧᠮ (赤峰智慧教育云) ᠢ ᠬᠡᠷᠡᠭᠯᠡᠬᠦ ᠪᠣᠯᠪᠠᠰᠤᠷᠠᠯ ᠡᠷᠬᠢᠯᠡᠬᠦ᠃

      ᠠᠷᠪᠠᠳ᠋ᠤᠭᠠᠷ ᠰᠠᠷ᠎ᠠ

           1. ᠳᠡᠭᠡᠳ᠋ᠦ ᠨᠢᠭᠡ ᠶᠢᠨ ᠰᠤᠷᠤᠭᠴᠢᠳ ᠶᠢᠨ ᠰᠢᠯᠭᠠᠯᠲᠠ ᠶᠢᠨ ᠬᠠᠷᠢᠶ᠎ᠠ ᠬᠠᠮᠢᠶᠠᠷᠥᠯᠲᠠ ᠶᠢᠨ ᠳᠠᠩᠰᠠ ᠡᠪᠭᠡᠮᠡᠯ ᠪᠠᠢᠭᠤᠯᠬᠤ ᠠᠵᠢᠯ ᠢ ᠠᠮᠵᠢᠨ ᠬᠢᠬᠦ ᠪᠠ ᠰᠢᠯᠵᠢᠨ ᠢᠷᠡᠬᠦ ᠰᠣᠷᠤᠭᠴᠢᠳ ᠤᠨ ᠳᠠᠩᠰᠠ ᠡᠪᠭᠡᠮᠡᠯ  ᠰᠢᠯᠵᠢᠭᠦᠯᠬᠦ ᠠᠵᠢᠯ ᠢ ᠭᠦᠢᠴᠡᠳᠭᠡᠨ᠎ᠡ ᠃

           2.ᠡᠯ᠎ᠡ ᠠᠩᠭᠢ ᠶᠢᠨ ᠤᠯᠠᠨ ᠵᠠᠭᠤᠴᠢᠳ᠋ᠤ ᠮᠠᠰᠢᠨ ᠢ ᠪᠠᠶᠢᠴᠠᠭᠠᠨ ᠂  ᠵᠦ᠋ᠬᠡᠯᠡᠨ ᠲᠤᠨᠤᠭ ᠤᠨ ᠲᠠᠯ᠎ᠠ ᠶᠢᠨ ᠰᠡᠯᠪᠢᠨ ᠰᠢᠨᠡᠴᠢᠯᠡᠯᠲᠡ ᠬᠢᠨ᠎ᠡ ᠃

           3. ᠪᠠᠭᠰᠢ ᠨᠠᠷ ᠲᠤ office 2010  ᠠᠯᠪᠠᠨ ᠰᠢᠰᠲ᠋ᠧᠮ ᠢ ᠬᠡᠷᠬᠢᠨ ᠬᠡᠷᠡᠭᠯᠡᠬᠦ ᠪᠣᠯᠪᠠᠰᠤᠷᠠᠯ ᠬᠢᠨ᠎ᠡ  ᠃

      ᠠᠷᠪᠠᠨ ᠨᠢᠭᠡᠳ᠋ᠦᠬᠡᠷ ᠰᠠᠷ᠎ᠠ

           1. ᠡᠯ᠎ᠡ ᠵᠢᠭᠠᠬᠤ ᠶᠢ ᠰᠤᠳ᠋ᠤᠯᠬᠣ ᠲᠤᠭᠤᠢᠯᠠᠩ  ᠠ᠋ᠴᠠ  ᠰᠢᠯᠢᠳᠡᠭ  ᠺᠤᠤᠷᠰᠸᠢᠢᠷ  ᠢ ᠰᠣᠩᠭᠣᠨ ᠲᠡᠪᠰᠢᠬᠦᠯᠵᠦ ᠂ ᠰᠢᠯᠭᠠᠷᠠᠭᠤᠯᠤᠯᠲᠠ ᠪᠠ ᠲᠡᠯᠬᠡᠨ ᠦᠵᠡᠬᠦᠯᠦᠯᠬᠡ  ᠬᠢᠨ᠎ᠡ ᠃

           2. ᠪᠢᠴᠢᠯ  ᠬᠢᠴᠢᠶᠡᠯᠯᠡᠭᠡ ᠵᠣᠬᠢᠶᠠᠨ ᠦᠢᠯᠡᠳᠬᠦ ᠪᠣᠯᠪᠠᠰᠤᠷᠠᠯ ᠪᠠ ᠰᠤᠳᠤᠯᠭᠠᠨ ᠢ ᠥᠷᠨᠢᠭᠦᠯᠬᠦ᠃ ᠃

           3. ᠲᠡᠬᠡᠳ᠋ᠦ  ᠬᠤᠶᠠᠷ ᠂ ᠲᠡᠬᠡᠳ᠋ᠦ ᠭᠤᠷᠪᠠ ᠶᠢᠨ ᠰᠤᠷᠤᠭᠴᠢᠳ ᠤᠨ ᠰᠤᠷᠤᠯᠭ᠎ᠠ ᠶᠢᠨ ᠬᠢᠷᠢ ᠭᠡᠮ ᠦᠨ ᠰᠢᠯᠭᠠᠯᠳ᠋ᠠ ᠳ᠋ᠤ  ᠨᠡᠷ᠎ᠡ ᠮᠡᠳ᠋ᠡᠭᠦᠯᠬᠦ ᠪᠠ ᠰᠦᠢᠳᠬᠡᠯ ᠲᠣᠰᠢᠶᠠᠬᠤ ᠠᠵᠢᠯ ᠢ ᠭᠦᠢᠴᠡᠳᠭᠡᠨ᠎ᠡ ᠃ 

      ᠠᠷᠪᠠᠨ ᠬᠤᠶᠠᠳ᠋ᠤᠭᠠᠷ ᠰᠠᠷ᠎ᠠ

           1. ᠲᠡᠬᠡᠳ᠋ᠦ ᠭᠤᠷᠪᠠ ᠶᠢᠨ ᠣᠨ ᠦ ᠭᠡᠯᠳ᠋ᠡᠰ ᠲᠡᠢ ᠬᠠᠮᠵᠢᠯᠴᠠᠨ ᠲᠡᠬᠡᠳ᠋ᠦ ᠭᠤᠷᠪᠠ ᠶᠢᠨ ᠰᠤᠷᠤᠭᠴᠢᠳ ᠤᠨ  ᠰᠦᠯᠵᠢᠶᠡᠨ ᠲᠡᠭᠡᠷ᠎ᠡ ᠨᠡᠷ᠎ᠡ ᠮᠡᠳ᠋ᠡᠬᠦᠯᠬᠦ ᠪᠦᠬᠦᠶᠢᠯᠡ ᠠᠵᠢᠯ ᠢ  ᠬᠦᠢᠴᠡᠳᠬᠡᠨ᠎ᠡ  ᠃

           2. ᠲᠡᠬᠡᠳ᠋ᠦ  ᠬᠤᠶᠠᠷ ᠂ ᠲᠡᠬᠡᠳ᠋ᠦ  ᠭᠤᠷᠪᠠ ᠶᠢᠨ ᠰᠤᠷᠤᠭᠴᠢᠳ ᠤᠨ ᠬᠣᠷᠣᠭᠣᠨ ᠨᠠᠮᠵᠢᠭᠤᠨ ᠰᠣᠳ᠋ᠠᠯ ᠤᠨ ᠳᠤᠬᠢᠶ᠎ᠠ ᠶᠢ ᠣᠷᠣᠨ ᠦ ᠰᠤᠷᠤᠭᠴᠢ ᠡᠯᠡᠰᠬᠦ ᠲᠦ᠋ᠪ ᠤᠨ ᠬᠦᠮᠦᠷᠭᠡ ᠳᠤ ᠣᠷᠤᠭᠤᠯᠬᠤ ᠪᠠ  ᠰᠢᠯᠭᠠᠨ ᠪᠠᠢᠴᠠᠭᠠᠬᠤ ᠂ ᠪᠤᠯᠪᠠᠰᠤᠷᠠᠬᠤ ᠠᠵᠢᠯ ᠢ ᠭᠦᠢᠴᠡᠳᠭᠡᠨ᠎ᠡ ᠃  

      ᠨᠢᠭᠡᠳ᠋ᠦᠭᠡᠷ ᠰᠠᠷ᠎ᠠ 

           1.ᠳᠡᠭᠡᠳᠦ ᠬᠣᠶᠠᠷ᠂ ᠳᠡᠭᠡᠳᠦ ᠭᠤᠷᠪᠠ ᠶᠢᠨ ᠰᠤᠷᠤᠭᠴᠢᠳ ᠤᠨ ᠰᠤᠷᠤᠯᠭ᠎ᠠ ᠶᠢᠨ ᠬᠢᠷᠢ ᠬᠡᠮ ᠦᠨ ᠰᠢᠯᠭᠠᠯᠲᠠ ᠳᠤ ᠦᠢᠯᠡᠴᠢᠯᠡᠭᠡᠨ ᠬᠠᠩᠭᠠᠬᠤ᠃

           2. ᠬᠤᠭᠤᠴᠠᠭᠠᠨ ᠡᠴᠦᠰ ᠮᠠᠰᠢᠨ ᠢᠶᠡᠨ ᠪᠦᠷᠢᠳᠬᠡᠨ ᠲᠢᠭᠯᠡᠬᠦ ᠂ ᠵᠦ᠋ᠬᠡᠯᠡᠨ ᠲᠤᠨ᠋ᠤᠭ ᠤᠨ ᠰᠡᠯᠪᠢᠨ ᠰᠢᠨ᠋ᠡᠴᠢᠯᠡᠯᠳ᠋ᠡ ᠬᠢᠬᠦ ᠠᠵᠢᠯ ᠢ ᠬᠦᠢᠴᠡᠳᠬᠡᠨ᠎ᠡ ᠃

           3. ᠬᠤᠭᠤᠴᠠᠭᠠᠨ ᠡᠴᠦᠰ ᠦᠨ ᠳ᠋ᠦ᠋ᠩᠨ᠋ᠡᠯᠳ᠋ᠡ ᠶᠢᠨ ᠠᠵᠢᠯ ᠢ ᠬᠢᠨ᠎ᠡ ᠃

 

 

                                                                                              2017᠎ ᠤᠨ ᠦ 8᠎ ᠰᠠᠷ᠎ᠠ ᠶᠢᠨ 25

 

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号