123456 0476-6223398
ᠵᠢᠭᠠᠨ ᠰᠤᠷᠭᠠᠯᠲᠠ ᠴᠠᠬᠢᠯᠭᠠᠨᠴᠢᠯᠠᠭᠰᠠᠨ ᠰᠤᠷᠭᠠᠯᠲᠠ
ᠴᠠᠬᠢᠯᠭᠠᠨᠵᠢᠭᠰᠠᠨ ᠵᠢᠭᠠᠨ ᠰᠤᠷᠭᠠᠯᠳ᠋ᠠ  ᠶᠢᠨ ᠭᠠᠵᠠᠷ ᠤᠨ ᠠᠵᠢᠯ  ᠤᠨ ᠳ᠋ᠦ᠋ᠩᠨ᠋ᠡᠯᠳ᠋ᠡ
2016.08.18 ᠲᠣᠰ ᠥᠷᠲᠡᠭᠡᠨ ᠦ ᠨᠠᠢᠷᠠᠭᠤᠯᠤᠭᠴᠢ

2015 — 2016 ᠰᠤᠷᠬᠤ ᠵᠢᠯ  ᠦᠨ  ᠳᠤᠤᠷᠠᠳ᠋ᠤ ᠰᠤᠷᠤᠯᠭ᠎ᠠ ᠶᠢᠨ ᠬᠤᠭᠤᠴᠠᠭᠠᠨ ᠦ

ᠴᠠᠬᠢᠯᠭᠠᠨᠵᠢᠭᠰᠠᠨ  ᠵᠢᠭᠠᠨ ᠰᠤᠷᠭᠠᠯᠳ᠋ᠠ  ᠶᠢᠨ  ᠭᠠᠵᠠᠷ ᠤᠨ  ᠠᠵᠢᠯ  ᠤᠨ  ᠳ᠋ᠦ᠋ᠩᠨ᠋ᠡᠯᠳ᠋ᠡ

                             ᠆᠆  ᠳ᠋ᠠᠪᠠᠨ  ᠦ  ᠨᠢᠬᠡᠳ᠋ᠦᠬᠡᠷ  ᠲᠣᠮᠳ᠋ᠠᠳ᠋ᠤ  ᠰᠤᠷᠭᠠᠭᠤᠯᠢ  ᠶᠢᠨ

                                 ᠴᠠᠬᠢᠯᠭᠠᠨᠵᠢᠭᠰᠠᠨ  ᠵᠢᠭᠠᠨ  ᠰᠤᠷᠭᠠᠯᠳ᠋ᠠ  ᠶᠢᠨ  ᠭᠠᠵᠠᠷ

ᠴᠠᠬᠢᠯᠭᠠᠨᠵᠢᠭᠰᠠᠨ ᠵᠢᠭᠠᠨ ᠰᠤᠷᠭᠠᠯᠳ᠋ᠠ ᠶᠢᠨ ᠭᠠᠵᠠᠷ ᠨᠢ ᠰᠤᠷᠭᠠᠭᠤᠯᠢ ᠶᠢᠨ ᠰᠢᠭᠤᠳ ᠵᠢᠯᠤᠭᠤᠳ᠋ᠤᠯᠭ᠎ᠠ ᠵᠢᠴᠢ ᠬᠢᠴᠢᠶᠡᠯ ᠬᠦᠮᠦᠵᠢᠯ ᠦᠨ ᠭᠠᠵᠠᠷ ᠂  ᠵᠢᠭᠠᠬᠤ ᠶᠢ ᠰᠣᠳ᠋ᠣᠯᠵᠤ ᠦᠬᠡᠷᠡᠴᠢᠯᠡᠬᠦ  ᠭᠠᠵᠠᠷ ᠤᠨ ᠬᠦᠴᠦᠳ᠋ᠡᠢ ᠲᠡᠮᠵᠢᠯᠬᠡ ᠲᠤᠤᠷ᠎ᠠ ᠠᠵᠢᠯ ᠤᠨ ᠲᠦ᠋ᠰᠦᠪ  ᠶᠣᠰᠤᠭᠠᠷ ᠡᠯ᠎ᠡ ᠲᠠᠯ᠎ᠠ ᠶᠢᠨ ᠠᠵᠢᠯ ᠢᠶᠡᠨ ᠡᠷᠴᠢᠮᠳ᠋ᠠᠢ ᠦᠷᠨ᠋ᠢᠬᠦᠯᠵᠥ ᠂ ᠴᠠᠬᠢᠯᠭᠠᠨᠵᠢᠭᠰᠠᠨ ᠵᠢᠭᠠᠨ ᠰᠤᠷᠭᠠᠯᠳ᠋ᠠ ᠂ ᠲᠣᠷᠰᠢᠯᠲᠠ  ᠶᠢᠨ ᠵᠢᠭᠠᠨ ᠰᠤᠷᠭᠠᠯᠳ᠋ᠠ ᠪᠠᠷ 《 ᠰᠢᠨ᠎ᠠ ᠬᠢᠴᠢᠶᠡᠯ ᠤᠨ ᠦᠬᠡᠷᠡᠴᠢᠯᠡᠯᠳ᠋ᠡ》ᠵᠢ ᠲᠦ᠋ᠯᠬᠢᠨ ᠠᠬᠢᠭᠤᠯᠵᠥ ᠬᠢᠴᠢᠶᠡᠯᠯᠡᠬᠡ ᠶᠢᠨ ᠦᠷ᠎ᠡ ᠠᠰᠢᠭᠳ᠋ᠥ ᠴᠢᠨ᠋ᠠᠷ ᠢ  ᠲᠡᠬᠡᠭ᠍ᠰᠢᠯᠡᠬᠦᠯᠬᠦ ᠂ ᠲᠤᠤᠷ  ᠰᠦ᠋ᠯᠵᠢᠶ᠎ᠡ ᠶᠢᠨ ᠡᠬᠢ ᠪᠠᠶᠠᠯᠢᠭ ᠢ ᠨᠡᠬᠡᠬᠡᠨ ᠠᠰᠢᠭᠯᠠᠬᠤ ᠂ ᠰᠤᠷᠠᠭ ᠵᠠᠩᠬᠢᠴᠢᠯᠡᠯᠳ᠋ᠠ ᠶᠢᠨ ᠮᠡᠷᠬᠡᠵᠢᠯ ᠢ ᠪᠤᠯᠪᠠᠰᠤᠷᠠᠭᠤᠯᠬᠤ ᠂ ᠲᠣᠷᠰᠢᠯᠲᠠ  ᠶᠢᠨ ᠲᠠᠰᠤᠭ  ᠤᠨ ᠦᠢᠯᠡᠳ᠋ᠦᠯ ᠴᠢᠳ᠋ᠠᠮᠵᠢ  ᠶᠢ ᠪᠦᠷᠢᠨᠰᠢᠭᠦᠯᠬᠦ ᠂ ᠵᠦ᠋ᠬᠡᠯᠡᠨ ᠲᠤᠨ᠋ᠤᠭ ᠢ ᠠᠰᠢᠭᠯᠠᠬᠤ ᠂ ᠡᠯᠸᠺᠲ᠋ᠷᠤᠨ ᠰᠠᠮᠪᠠᠷ᠎ᠠ ᠶᠢ ᠠᠰᠢᠭᠯᠠᠬᠤ ᠵᠡᠷᠬᠡ ᠲᠠᠯ᠎ᠠ ᠪᠠᠷ ᠵᠢᠭᠠᠨ ᠰᠤᠷᠭᠠᠯᠳ᠋ᠠ ᠶᠢᠨ ᠦᠬᠡᠷᠡᠴᠢᠯᠡᠯᠳ᠋ᠡ ᠶᠢᠨ ᠠᠵᠢᠯ ᠢ ᠤᠯᠠᠮ ᠦᠨᠳ᠋ᠦᠷ ᠲᠡᠭ᠍ᠳ᠋ᠡᠷ ᠲᠣ ᠬᠦᠷᠬᠡᠵᠥ ᠂  ᠴᠠᠬᠢᠯᠭᠠᠨᠵᠢᠭᠰᠠᠨ ᠵᠢᠭᠠᠨ ᠰᠤᠷᠭᠠᠯᠳ᠋ᠠ ᠶᠢᠨ ᠭᠠᠵᠠᠷ ᠤᠨ ᠦᠢᠯᠡᠳ᠋ᠦᠯ ᠴᠢᠳ᠋ᠡᠪᠬᠢ ᠪᠠᠨ ᠬᠦᠢᠴᠡᠳ  ᠪᠠᠳ᠋ᠠᠷᠠᠭᠤᠯᠤᠨ ᠰᠤᠷᠭᠠᠭᠤᠯᠢ ᠶᠢᠨ ᠰᠤᠷᠭᠠᠨ ᠬᠦᠮᠦᠵᠢᠬᠦᠯᠬᠦ  ᠵᠢᠭᠠᠨ ᠰᠤᠷᠭᠠᠯᠳ᠋ᠠ ᠶᠢᠨ ᠠᠵᠢᠯ ᠵᠢᠴᠢ ᠪᠤᠰᠤᠳ ᠬᠠᠮᠢᠶ᠎ᠠ ᠪᠦᠬᠦᠢ ᠠᠵᠢᠯ ᠤᠨ ᠢᠯᠭᠤᠮ ᠤᠷᠤᠭᠰᠢᠳ᠋ᠠᠢ ᠶᠠᠪᠤᠭᠳ᠋ᠠᠬᠤ ᠶᠢ ᠪᠠᠳ᠋ᠤᠯᠠᠬᠤ ᠪᠠᠷ ᠴᠢᠷᠮᠠᠢᠨ ᠠᠵᠢᠯᠯᠠᠵᠤ ᠢᠷᠠᠪᠡ ᠃

ᠴᠠᠬᠢᠯᠭᠠᠨᠵᠢᠭᠰᠠᠨ ᠵᠢᠭᠠᠨ ᠰᠤᠷᠭᠠᠯᠳ᠋ᠠ ᠶᠢᠨ ᠭᠠᠵᠠᠷ ᠤᠨ ᠲᠣᠰ ᠬᠤᠭᠤᠴᠠᠭᠠᠨ ᠦ ᠪᠤᠳ᠋ᠠᠳ᠋ᠠᠢ  ᠬᠢᠵᠦ ᠬᠦᠢᠴᠡᠳᠬᠡᠭ᠍ᠰᠡᠨ ᠠᠵᠢᠯ

1. ᠰᠤᠷᠭᠠᠭᠤᠯᠢ  ᠶᠢᠨ ᠡᠯ᠎ᠡ ᠠᠵᠢᠯᠯᠠᠬᠤ ᠴᠡᠭ᠌ ᠤᠨ ᠮᠠᠰᠢᠨ ᠲᠤᠨ᠋ᠤᠭ ᠤᠨ ᠬᠠᠮᠢᠶᠠᠷᠤᠯᠳ᠋ᠠ ᠂ ᠠᠷᠠᠴᠢᠯᠠᠨ ᠬᠠᠮᠠᠭᠠᠯᠠᠬᠤ ᠵᠢᠴᠢ ᠵᠦ᠋ᠬᠡᠯᠡᠨ ᠲᠤᠨ᠋ᠤᠭ ᠤᠨ ᠰᠡᠯᠪᠢᠨ ᠰᠢᠨ᠋ᠡᠴᠢᠯᠡᠯᠳ᠋ᠡ ᠶᠢᠨ ᠠᠵᠢᠯ ᠢ ᠪᠠᠢᠩᠭᠤ ᠬᠦᠢᠴᠡᠳᠬᠡᠵᠦ ᠂ ᠠᠩᠭᠢ ᠳ᠋ᠤ ᠪᠠᠢᠭ᠎ᠠ ᠤᠯᠠᠨ ᠵᠠᠭᠤᠴᠢᠳ᠋ᠦ ᠮᠠᠰᠢᠨ ᠢ ᠬᠡᠷᠡᠭᠯᠡᠬᠦ ᠳ᠋ᠤ ᠦᠢᠯᠡᠴᠢᠯᠡᠬᠡᠨ ᠪᠠ ᠮᠡᠷᠬᠡᠵᠢᠯ ᠤᠨ ᠵᠢᠯᠤᠭᠤᠳ᠋ᠤᠯᠭ᠎ᠠ ᠶᠢ ᠬᠠᠩᠭᠠᠵᠤ ᠢᠷᠡᠪᠡ ᠃ ᠰᠣᠷᠭᠠᠭᠣᠯᠢ ᠪᠠᠢᠭᠤᠯᠤᠭᠳ᠋ᠠᠭᠰᠠᠨ 60 ᠵᠢᠯ  ᠦᠨ ᠤᠢ  ᠶᠢ ᠪᠡᠯᠭᠡᠯᠡᠬᠦ ᠠᠵᠢᠯᠯᠠᠭᠠᠨ ᠦ ᠪᠡᠯᠡᠳᠭᠡᠯ ᠠᠵᠢᠯ  ᠳ᠋ᠤ ᠵᠢᠷᠤᠭ ᠰᠡᠭᠦᠳ᠋ᠡᠷ ᠂ ᠳᠦ᠋ᠷᠰᠦ ᠰᠢᠩᠭᠡᠭᠡᠯᠲᠡ ᠬᠠᠩᠭᠠᠬᠤ ᠵᠡᠷᠭᠡ ᠡᠭᠦᠷᠭᠡ ᠶᠢ ᠴᠠᠭ ᠲᠤᠬᠠᠢ  ᠳ᠋ᠤ ᠨᠢ ᠪᠡᠶᠡᠯᠡᠭᠦᠯᠦᠭᠰᠡᠨ ᠪᠠᠢᠨ᠎ᠠ ᠃

2. ᠲᠡᠬᠡᠳ᠋ᠦ ᠭᠤᠷᠪᠠ ᠶᠢᠨ ᠰᠣᠷᠤᠭᠴᠢᠳ ᠤᠨ ᠪᠡᠶ᠎ᠡ ᠶᠢᠨ ᠪᠠᠢᠴᠠᠭᠠᠯᠲᠠ ᠶᠢᠨ ᠠᠵᠢᠯ ᠢ ᠳᠡᠭᠡᠳ᠋ᠦ ᠭᠤᠷᠪᠠ ᠶᠢᠨ ᠤᠨ ᠦ ᠭᠡᠯᠳ᠋ᠡᠰ ᠲᠡᠢ ᠬᠠᠮᠵᠢᠨ ᠵᠤᠬᠢᠶᠠᠨ ᠪᠠᠢᠭᠤᠯᠵᠤ ᠂ ᠪᠠᠢᠴᠠᠭᠠᠯᠲᠠ ᠶᠢᠨ ᠲᠣᠭ᠎ᠠ ᠪᠠᠷᠢᠮᠲᠠ ᠶᠢ ᠰᠦ᠋ᠯᠵᠢᠶᠡᠨ ᠳᠤ ᠤᠷᠤᠭᠤᠯᠬᠤ ᠪᠠ ᠰᠤᠷᠤᠭᠴᠢᠳ ᠤᠨ ᠣᠷᠣᠭᠤᠯᠣᠭᠰᠠᠨ ᠲᠣᠭ᠎ᠠ ᠪᠠᠷᠢᠮᠲᠠ ᠶᠢ ᠨᠤᠲᠠᠯᠠᠬᠤ ᠵᠡᠷᠭᠡ ᠠᠵᠢᠯ ᠢ ᠴᠠᠭ ᠲᠤᠬᠠᠢ ᠳᠤ ᠨᠢ ᠭᠦᠢᠴᠡᠳᠭᠡᠪᠡ  ᠃

3.  ᠡᠯ᠎ᠡ ᠠᠩᠭᠢ ᠶᠢᠨ ᠤᠯᠠᠨ ᠵᠠᠭᠤᠴᠢᠳ᠋ᠤ ᠮᠠᠰᠢᠨ ᠢ  ᠪᠠᠢᠴᠠᠭᠠᠨ ᠂  ᠵᠦ᠋ᠬᠡᠯᠡᠨ ᠲᠤᠨ᠋ᠤᠭ ᠤᠨ ᠲᠠᠯ᠎ᠠ ᠶᠢᠨ ᠰᠡᠯᠪᠢᠨ ᠰᠢᠨ᠋ᠡᠴᠢᠯᠡᠯᠳ᠋ᠡ ᠬᠢᠭᠰᠡᠨ ᠪᠠ ᠠᠩᠭᠢ  ᠶᠢᠨ ᠭᠡᠷ  ᠲᠦ ᠤᠳ᠋ᠠᠰᠤᠳ᠋ᠤ ᠲᠸᠯᠸᠢᠰ ᠵᠠᠯᠭᠠᠨ ᠨᠡᠪᠳ᠋ᠡᠷᠡᠬᠦᠯᠬᠦ ᠠᠵᠢᠯ ᠢ ᠪᠡᠶᠡᠯᠡᠭᠦᠯᠵᠠᠢ ᠃

4. ᠲᠡᠬᠡᠳ᠋ᠦ ᠬᠤᠶᠠᠷ ᠤᠨ ᠰᠤᠷᠤᠭᠴᠢ ᠶᠢᠨ ᠰᠤᠷᠤᠯᠭ᠎ᠠ ᠶᠢᠨ ᠬᠢᠷᠢ ᠬᠡᠮ ᠤᠨ ᠰᠢᠯᠭᠠᠯᠳ᠋ᠠ ᠵᠢᠴᠢ  ᠹᠽᠢᠺ ᠂ ᠬᠢᠮᠢ ᠂ ᠠᠮᠢᠳ᠋ᠣ ᠪᠣᠳ᠋ᠠᠰ ᠤᠨ ᠲᠤᠷᠰᠢᠯᠳ᠋ᠠ ᠶᠢᠨ ᠰᠢᠯᠭᠠᠯᠳ᠋ᠠ ᠂ ᠵᠠᠩᠬᠢ ᠶᠢᠨ ᠮᠡᠷᠬᠡᠵᠢᠯ ᠤᠨ ᠰᠢᠯᠭᠠᠯᠳ᠋ᠠ ᠳ᠋ᠤ ᠨᠡᠷ᠎ᠡ ᠮᠡᠳ᠋ᠡᠬᠦᠯᠬᠦ ᠠᠵᠢᠯ ᠂ ᠰᠦ᠋ᠢᠳᠬᠡᠯ ᠲᠤᠰᠢᠶᠠᠬᠤ ᠠᠵᠢᠯ ᠵᠡᠷᠭᠡ  ᠶᠢ ᠴᠠᠭ ᠲᠤᠬᠠᠢ  ᠳ᠋ᠤ ᠨᠢ ᠭᠦᠢᠴᠡᠳᠭᠡᠵᠦ ᠂ ᠲᠣᠷᠰᠢᠯᠲᠠ  ᠶᠢᠨ ᠰᠢᠯᠭᠠᠯᠲᠠ  ᠶᠢ ᠬᠠᠮᠢᠶ᠎ᠠ ᠪᠦᠬᠦᠢ ᠭᠠᠵᠠᠷ ᠲᠡᠢ ᠬᠠᠮᠵᠢᠨ ᠵᠤᠬᠢᠶᠠᠨ ᠪᠠᠢᠭᠤᠯᠵᠦ ᠭᠦᠢᠴᠡᠳᠬᠡᠪᠡ ᠃

5. ᠲᠡᠬᠡᠳ᠋ᠦ ᠰᠢᠯᠭᠠᠯᠳ᠋ᠠ ᠂ ᠰᠤᠷᠤᠯᠭ᠎ᠠ ᠶᠢᠨ ᠬᠢᠷᠢ ᠬᠡᠮ ᠦᠨ ᠰᠢᠯᠭᠠᠯᠲᠠ ᠳ᠋ᠤ  ᠪᠦᠬᠦ ᠲᠠᠯ᠎ᠠ ᠪᠠᠷ ᠪᠡᠯᠡᠳᠬᠡᠯ ᠬᠢᠵᠣ ᠂ ᠴᠢᠬᠤᠯᠠ ᠪᠦᠬᠦᠢ ᠦᠢᠯᠡᠴᠢᠯᠡᠬᠡᠨ ᠢ ᠭᠦᠢᠴᠡᠳ ᠬᠠᠩᠭᠠᠵᠦ ᠬᠤᠶᠠᠷ  ᠰᠢᠯᠭᠠᠯᠲᠠ  ᠶᠢᠨ ᠢᠯᠭᠠᠤᠮ ᠤᠷᠤᠭᠰᠢᠲᠠᠢ ᠶᠠᠪᠤᠭᠳ᠋ᠠᠬᠤ  ᠶᠢ ᠪᠠᠲᠤᠯᠠᠵᠤ ᠴᠢᠳ᠋ᠠᠵᠠᠢ  ᠃

6. ᠲᠡᠬᠡᠳ᠋ᠦ ᠭᠤᠷᠪᠠ ᠶᠢᠨ ᠰᠤᠷᠤᠭᠴᠢᠳ ᠲᠦ  ᠰᠦ᠋ᠯᠵᠢᠶᠠᠨ ᠲᠡᠭᠡᠷ᠎ᠡ ᠡᠷᠡᠮᠡᠯᠵᠡᠯ ᠲᠠᠭᠯᠠᠬᠤ ᠪᠣᠯᠪᠠᠰᠤᠷᠠᠯ ᠡᠷᠬᠢᠯᠡᠭᠰᠡᠨ ᠪᠠ ᠡᠯ᠎ᠡ ᠪᠦᠯᠦᠭᠯᠡᠯ  ᠦᠨ ᠡᠷᠡᠮᠡᠯᠵᠡᠯ ᠲᠠᠭᠯᠠᠬᠤ ᠠᠵᠢᠯ  ᠢ ᠵᠢᠭᠠᠨ ᠵᠢᠯᠣᠭᠣᠳᠴᠤ ᠂ ᠳᠡᠭᠡᠳ᠋ᠦ ᠭᠤᠷᠪᠠ  ᠶᠢᠨ ᠰᠤᠷᠤᠭᠴᠢᠳ ᠤᠨ ᠡᠷᠡᠮᠡᠯᠵᠡᠯ ᠲᠠᠭᠯᠠᠬᠤ ᠠᠵᠢᠯ  ᠤᠨ ᠤᠷᠤᠭᠰᠢᠲᠠᠢ ᠶᠠᠪᠤᠭᠳ᠋ᠠᠬᠤ  ᠶᠢ ᠪᠠᠲᠤᠯᠠᠪᠠ ᠃

7. ᠵᠠᠯᠠᠭᠤ ᠪᠠᠭᠰᠢ ᠨᠠᠷ ᠤᠨ ᠦᠨᠳ᠋ᠦᠰᠦᠨ ᠴᠢᠳ᠋ᠠᠪᠤᠷᠢ ᠶᠢᠨ ᠮᠦ᠋ᠷᠦᠢᠴᠡᠬᠡᠨ ᠦ《 ᠺᠤᠤᠷᠰᠸᠢᠢᠷ ᠦᠢᠯᠡᠳᠬᠦ 》ᠤᠷᠤᠯᠳ᠋ᠤᠭᠠᠨ  ᠢ ᠵᠤᠬᠢᠶᠠᠨ ᠪᠠᠢᠭᠤᠯᠵᠤ ᠂ ᠬᠢᠨ᠋ᠠᠨ ᠰᠢᠯᠭᠠᠷᠠᠭᠤᠯᠤᠯᠲᠠ  ᠶᠢ ᠶᠠᠪᠤᠭᠳ᠋ᠠᠭᠤᠯᠤᠭᠠᠳ  ᠂ ᠪᠠᠭᠰᠢ ᠨᠠᠷ  ᠤᠨ ᠤᠯᠠᠨ ᠵᠠᠭᠤᠴᠢᠳ᠋ᠤ ᠵᠢᠭᠠᠨ ᠰᠤᠷᠭᠠᠯᠳ᠋ᠠ ᠶᠢᠨ ᠤᠷ᠎ᠠ ᠮᠡᠷᠬᠡᠰᠢᠯ ᠢᠶᠡᠨ  ᠲᠡᠭᠡᠭ᠍ᠰᠢᠯᠡᠬᠦᠯᠬᠦ  ᠶᠢ ᠳᠠᠢᠴᠢᠯᠠᠪᠠ ᠃

8. ᠣᠷᠣᠨ  ᠦ ᠰᠤᠷᠤᠭᠴᠢ ᠡᠯᠰᠡᠬᠦ ᠲᠥ᠋ᠪ  ᠦᠨ ᠱᠠᠭᠠᠷᠳ᠋ᠠᠯᠭ᠎ᠠ ᠪᠠᠷ ᠪᠠᠷᠢᠮᠵᠢᠶ᠎ᠠ ᠰᠢᠯᠭᠠᠯᠲᠠ  ᠶᠢᠨ ᠲᠠᠯᠠᠪᠠᠢ  ᠶᠢᠨ  ᠬᠢᠨ᠋ᠠᠨ ᠡᠵᠡᠮᠰᠢᠬᠦ ᠮᠠᠰᠢᠨ ᠢ ᠰᠢᠯᠵᠢᠭᠦᠯᠦᠨ ᠵᠠᠰᠠᠬᠤ ᠠᠵᠢᠯ  ᠢ  ᠴᠠᠭ ᠲᠤᠬᠠᠢ ᠳᠤ ᠨᠢ ᠪᠡᠶᠡᠯᠡᠭᠦᠯᠵᠦ ᠂ ᠤᠯᠤᠰ  ᠤᠨ ᠨᠢᠭᠡᠲᠦᠯᠲᠠᠢ ᠰᠢᠯᠭᠠᠯᠲᠠ ᠶᠢᠨ ᠢᠯᠭᠤᠮ ᠤᠷᠤᠭᠰᠢᠲᠠᠢ ᠶᠠᠪᠤᠭᠳ᠋ᠠᠬᠤ ᠶᠢ ᠪᠠᠳ᠋ᠤᠯᠠᠵᠦ ᠴᠢᠳ᠋ᠠᠵᠠᠢ ᠃

9. ᠰᠤᠷᠭᠠᠭᠤᠯᠢ ᠶᠢᠨ ᠡᠯ᠎ᠡ ᠲᠠᠯ᠎ᠠ ᠶᠢᠨ ᠠᠵᠢᠯᠯᠠᠭᠠᠨ ᠬᠦᠳ᠋ᠡᠯᠭᠡᠭᠡᠨ ᠂ ᠡᠯ᠎ᠡ ᠵᠢᠭᠠᠬᠤ ᠶᠢ ᠰᠤᠳ᠋ᠤᠯᠬᠤ ᠲᠤᠭᠤᠢᠯᠠᠩ ᠪᠡ ᠤᠨ ᠦ ᠬᠡᠯᠳ᠋ᠡᠰ ᠤᠨ  ᠰᠤᠩᠭᠤᠨ ᠰᠤᠷᠬᠤ ᠬᠢᠴᠢᠶᠡᠯ ᠪᠣᠯᠤᠨ ᠬᠢᠴᠢᠶᠡᠯ ᠤᠨ  ᠭᠠᠳ᠋ᠠᠨ᠋ᠠᠬᠢ ᠬᠦᠳ᠋ᠡᠯᠬᠡᠬᠡᠨ ᠂ ᠬᠤᠶᠠᠳ᠋ᠠᠬᠢ ᠬᠢᠴᠢᠶᠡᠯ ᠤᠨ  ᠲᠠᠩᠬᠢᠮ ᠤᠨ  ᠠᠵᠢᠯᠯᠠᠭᠠᠨ ᠂ ᠤᠷᠠᠨ ᠰᠠᠢᠬᠠᠨ ᠦ ᠲᠤᠭᠯᠠᠯᠳ᠋ᠠ ᠂ ᠲᠠᠮᠢᠷ ᠲᠤᠭᠯᠠᠭᠠᠮ ᠵᠡᠷᠬᠡ ᠠᠵᠢᠯᠯᠠᠭᠠᠨ ᠬᠦᠳ᠋ᠡᠯᠬᠡᠬᠡᠨ ᠳ᠋ᠦ ᠲᠦ᠋ᠷᠰᠦ ᠰᠢᠩᠭᠡᠭᠡᠯᠲᠡ ᠬᠢᠬᠦ ᠂ ᠰᠡᠭᠦᠳ᠋ᠡᠷ ᠲᠠᠲᠠᠬᠤ ᠂ ᠮᠠᠰᠢᠨ ᠮᠡᠷᠭᠡᠵᠢᠯ ᠦᠨ ᠦᠢᠯᠡᠴᠢᠯᠡᠭᠡ ᠬᠠᠩᠭᠠᠬᠤ ᠵᠡᠷᠭᠡ ᠠᠵᠢᠯ  ᠤᠳ  ᠢ ᠭᠦᠢᠴᠡᠳᠭᠡᠵᠦ 80 ᠭᠠᠷᠣᠢ ᠴᠠᠭ ᠤᠨ ᠠᠵᠢᠯᠯᠠᠭᠠᠨ ᠬᠦᠡᠯᠭᠡᠭᠡᠨ ᠦ ᠲᠦ᠋ᠷᠰᠦ ᠰᠢᠩᠭᠡᠭᠡᠯᠲᠠ ᠶᠢ ᠬᠢᠭᠰᠡᠨ ᠪᠠᠢᠨ᠎ᠠ ᠃

10. ᠲᠣᠭᠠᠴᠠᠯᠠᠭᠰᠠᠨ ᠬᠡᠷ  ᠤᠨ ᠠᠰᠢᠭᠯᠠᠯᠳ᠋ᠠ ᠶᠢ ᠤᠯᠠᠮ ᠨᠢᠬᠡ ᠠᠯᠬᠤᠮ  ᠳᠡᠭᠦᠯᠳ᠋ᠡᠷᠵᠢᠭᠦᠯᠵᠦ ᠂  ᠰᠡᠭᠦᠳ᠋ᠡᠷ ᠲᠠᠲᠠᠬᠤ ᠭᠠᠵᠠᠷ ᠨᠢ 300 ᠭᠠᠷᠤᠢ ᠰᠣᠷᠣᠭᠴᠢ ᠤᠳ᠋ᠠᠭ᠎ᠠ ᠶᠢᠨ ᠰᠡᠭᠦᠳ᠋ᠡᠷ ᠲᠠᠲᠠᠭᠰᠠᠨ ᠪᠠ 150 ᠭᠠᠷᠤᠢ ᠬᠦᠮᠣᠨ ᠤᠳ᠋ᠠᠭ᠎ᠠ  ᠶᠢᠨ ᠰᠡᠭᠦᠳ᠋ᠡᠷ ᠤᠬᠢᠶᠠᠬᠤ ᠠᠵᠢᠯ  ᠢ ᠭᠦᠢᠴᠡᠳᠭᠡᠵᠦ  ᠪᠠᠭᠰᠢ ᠰᠤᠷᠤᠭᠴᠢᠳ ᠲᠣ ᠲᠦ᠋ᠭᠦᠮ ᠦᠵᠡᠭᠦᠯᠦᠭᠰᠡᠨ ᠪᠠᠢᠨ᠎ᠠ ᠃

12. ᠰᠤᠷᠭᠠᠭᠤᠯᠢ ᠶᠢᠨ ᠬᠢᠨ᠋ᠠᠨ ᠪᠠᠢᠴᠠᠭᠠᠬᠤ ᠰᠢᠰᠲ᠋ᠸᠮ ᠂ ᠨᠸᠲ ᠰᠦ᠋ᠯᠵᠢᠶᠡᠨ ᠦ ᠰᠢᠰᠲ᠋ᠸᠮ ᠂ ᠷᠠᠳ᠋ᠢᠥ᠋ ᠨᠡᠪᠳ᠋ᠡᠷᠡᠭᠦᠯᠭᠡ ᠶᠢᠨ ᠰᠢᠰᠲ᠋ᠸᠮ  ᠦᠨ ᠬᠠᠲᠠᠭᠤ ᠵᠦ᠋ᠭᠡᠯᠡᠨ ᠲᠤᠨ᠋ᠤᠭ ᠤᠨ ᠬᠠᠮᠢᠶᠠᠷᠤᠯᠲᠠ ᠶᠢ ᠰᠠᠢᠲᠤᠷ ᠬᠦᠢᠴᠡᠳᠭᠡᠵᠦ ᠂ ᠠᠰᠠᠭᠣᠳ᠋ᠠᠯ ᠢᠯᠡᠷᠡᠪᠡᠯ ᠴᠠᠭ ᠲᠤᠬᠠᠢ ᠳᠤ ᠨᠢ ᠰᠢᠢᠳᠪᠦᠷᠢᠯᠡᠵᠦ ᠢᠷᠡᠪᠡ ᠃

13. ᠵᠠᠩᠭᠢ ᠶᠢᠨ ᠮᠡᠷᠬᠡᠵᠢᠯ ᠦᠨ ᠬᠢᠴᠢᠶᠡᠯᠯᠡᠬᠦ ᠲᠠᠰᠤᠭ ᠤᠨ ᠬᠠᠮᠢᠶᠠᠷᠤᠯᠳ᠋ᠠ ᠪᠠ ᠠᠰᠢᠭᠯᠠᠯᠳ᠋ᠠ ᠶᠢ ᠴᠢᠩᠭᠠᠳᠬᠠᠨ ᠂  ᠭᠠᠷᠠᠭ ᠪᠦᠷᠢ ᠶᠢᠨ ᠭᠠᠷᠠᠭ ᠤᠨ ᠡᠳ᠋ᠦᠷ ᠵᠠᠩᠬᠢ ᠶᠢᠨ ᠮᠡᠷᠬᠡᠵᠢᠯ ᠤᠨ ᠬᠢᠴᠢᠶᠡᠯᠯᠡᠬᠦ ᠲᠠᠰᠤᠭ ᠢ ᠰᠤᠷᠤᠭᠴᠢ ᠳ᠋ᠤ ᠨᠡᠬᠡᠬᠡᠨ ᠦᠭᠴᠦ ᠂ ᠰᠤᠷᠤᠭᠴᠢ ᠶᠢᠨ ᠬᠢᠴᠢᠶᠡᠯ ᠤᠨ ᠭᠠᠳ᠋ᠠᠨ᠋ᠠᠬᠢ ᠮᠡᠳ᠋ᠡᠯᠬᠡ ᠡᠵᠡᠮᠰᠢᠬᠦ ᠂ ᠰᠤᠶᠤᠯ ᠤᠨ ᠠᠮᠢᠳ᠋ᠤᠷᠠᠯ ᠢ ᠪᠠᠶᠠᠯᠢᠭᠵᠢᠭᠤᠯᠬᠤ ᠳ᠋ᠦ ᠨᠦ᠋ᠭᠦᠴᠡᠯ ᠬᠠᠩᠭᠠᠪᠠ ᠃

14. ᠲᠡᠭᠡᠳ᠋ᠦ ᠭᠣᠷᠪᠠ ᠶᠢᠨ ᠰᠤᠷᠢᠯᠲᠠ ᠰᠢᠯᠭᠠᠯᠲᠠ ᠵᠢᠴᠢ ᠰᠤᠷᠭᠠᠭᠤᠯᠢ ᠶᠢᠨ ᠬᠤᠭᠤᠴᠠᠭᠠᠨ ᠳᠣᠮᠳ᠋ᠠ ᠪᠠ ᠬᠤᠭᠤᠴᠠᠭᠠᠨ ᠡᠴᠤᠰ ᠤᠨ ᠰᠢᠯᠭᠠᠯᠲᠠ ᠶᠢ ᠺᠤᠮᠫᠢᠦᠲ᠋ᠸᠷ ᠢᠶᠡᠷ ᠦᠵᠡᠬᠦ ᠠᠵᠢᠯ  ᠳ᠋ᠤ ᠦᠢᠯᠡᠴᠢᠯᠡᠭᠡᠨ ᠬᠠᠩᠭᠠᠬᠤ ᠡᠭᠦᠷᠭᠡ  ᠪᠠᠨ ᠠᠮᠵᠢᠯᠲᠠ ᠲᠡᠢ ᠬᠦᠢᠴᠡᠳᠭᠡᠪᠡ ᠃

15. ᠰᠤᠷᠭᠠᠭᠤᠯᠢ  ᠶᠢᠨ ᠳᠤᠲᠤᠭᠠᠳ᠋ᠤ ᠨᠸᠲ  ᠢ ᠰᠢᠨ᠋ᠠᠳᠭᠡᠨ ᠳᠡᠭᠦᠯᠳ᠋ᠡᠷᠵᠢᠭᠦᠯᠵᠦ ᠂ ᠪᠠᠷᠢᠮᠵᠢᠶ᠎ᠠ  ᠳ᠋ᠤ ᠨᠡᠢᠴᠡᠭᠰᠡᠨ ᠨᠸᠲ ᠲᠤᠤᠷᠵᠢᠯ  ᠤᠨ ᠲᠤᠭᠲᠠᠴᠠ  ᠶᠢ ᠪᠦᠷᠢᠯᠳ᠋ᠦᠭᠦᠯᠵᠦ ᠂ ᠨᠸᠲ  ᠦᠨ ᠠᠮᠤᠷ ᠲᠦ᠋ᠪᠰᠢᠨ ᠂ ᠢᠯᠠᠭᠤᠮ ᠪᠠᠢᠬᠤ  ᠶᠢ ᠪᠠᠶᠡᠯᠡᠭᠦᠯᠵᠠᠢ ᠃

16. ᠰᠤᠷᠭᠠᠭᠤᠯᠢ  ᠶᠢᠨ ᠨᠸᠲ ᠦᠷᠲᠡᠭᠡ ᠂ ᠵᠢᠭᠠᠨ ᠰᠤᠷᠭᠠᠯᠲᠠ  ᠶᠢᠨ ᠡᠬᠢ ᠪᠠᠶᠠᠯᠢᠭ  ᠤᠨ ᠲᠠᠪᠴᠠᠩ ᠂ ᠰᠤᠷᠭᠠᠭᠤᠯᠢ  ᠶᠢᠨ ᠠᠯᠪᠠᠯᠠᠬᠤ ( OA ) ᠰᠢᠰᠲ᠋ᠸᠮ  ᠢ ᠶᠠᠭ ᠰᠠᠢᠬᠠᠨ ᠪᠦᠳ᠋ᠦᠭᠡᠨ ᠪᠠᠢᠭᠤᠯᠵᠦ ᠂ ᠳᠠᠷᠠᠭ᠎ᠠ ᠬᠤᠭᠤᠴᠠᠭ᠎ᠠ ᠠᠰᠢᠭᠯᠠᠯᠲᠠ  ᠳ᠋ᠤ ᠣᠷᠣᠭᠤᠯᠬᠤ  ᠪᠠᠷ ᠪᠠᠢᠨ᠎ᠠ ᠃

ᠣᠷᠣᠰᠢᠵᠤ ᠪᠠᠢᠭ᠎ᠠ ᠠᠰᠠᠭᠤᠳ᠋ᠠᠯ

      ᠬᠤᠭᠤᠴᠠᠭᠠᠨ ᠡᠬᠢᠨ ᠦ ᠲᠦ᠋ᠰᠦᠪ ᠢᠶᠡᠨ ᠮᠦ᠋ᠷᠳ᠋ᠡᠨ ᠠᠵᠢᠯᠯᠠᠭᠰᠨ ᠢᠶᠡᠷ ᠬᠦᠢᠴᠡᠳ ᠦᠬᠡᠢ ᠂  ᠪᠠᠭᠰᠢ ᠨᠠᠷ ᠤᠨ ᠤᠯᠠᠨ ᠵᠠᠭᠤᠴᠢᠳ᠋ᠦ ᠵᠢᠭᠠᠨ ᠰᠤᠷᠭᠠᠯᠳ᠋ᠠ ᠶᠢᠨ ᠪᠠᠭᠠᠵᠢ ᠬᠡᠷᠡᠭᠯᠡᠬᠦᠷ ᠢ ᠠᠮᠢᠳ᠋ᠣᠯᠢᠭ ᠪᠦᠳ᠋ᠦᠬᠡᠯᠴᠢ ᠪᠠᠷ ᠠᠰᠢᠭᠯᠠᠨ ᠵᠢᠭᠠᠨ ᠰᠤᠷᠭᠠᠯᠳ᠋ᠠ ᠶᠢᠨ ᠦᠷ᠎ᠡ ᠠᠰᠢᠭ  ᠢᠶᠡᠨ ᠤᠯᠠᠮ ᠨᠢᠭᠡ ᠠᠯᠬᠤᠮ ᠲᠡᠭᠡᠭᠰᠢᠯᠡᠬᠦᠯᠬᠦ ᠶᠢ ᠮᠦ᠋ᠷᠳ᠋ᠡᠨ ᠪᠠᠢᠴᠠᠭᠠᠵᠤ ᠂ ᠬᠢᠨ᠋ᠠᠨ ᠱᠠᠭᠠᠷᠳ᠋ᠠᠭᠰᠠᠨ ᠦᠬᠡᠢ ᠂ ᠰᠤᠷᠤᠭᠴᠢ ᠶᠢᠨ ᠬᠢᠴᠢᠶᠡᠯ ᠦᠨ ᠭᠠᠳ᠋ᠠᠭᠤᠷ ᠰᠤᠨ᠋ᠢᠷᠬᠠᠵᠤ ᠮᠡᠳ᠋ᠡᠯᠭᠡ ᠮᠡᠳ᠋ᠡᠴᠡ ᠪᠡᠨ ᠦᠷᠬᠡᠵᠢᠬᠦᠯᠬᠦ ᠳ᠋ᠦ ᠨᠡᠩ ᠤᠯᠠᠨ  ᠂ ᠨᠡᠩ ᠰᠠᠢᠨ ᠡᠬᠢ ᠪᠠᠶᠠᠯᠢᠭ ᠢ ᠬᠦᠢᠴᠡᠳ ᠬᠠᠩᠭᠠᠵᠤ ᠲᠡᠢᠯᠦᠭᠰᠡᠨ ᠦᠬᠡᠢ ᠵᠡᠷᠬᠡ ᠬᠦᠷᠦᠯᠴᠡᠬᠦ ᠦᠬᠡᠢ ᠲᠠᠯ᠎ᠠ ᠪᠠ ᠨᠦ᠋ᠬᠦᠪᠦᠷᠢᠯᠡᠬᠦ ᠵᠤᠢᠯ ᠪᠠᠢᠭ᠎ᠠ ᠪᠡᠨ ᠰᠡᠷᠬᠡᠭ᠌ ᠢᠶᠡᠷ ᠲᠠᠨ᠋ᠢᠵᠤ ᠂ ᠲᠠᠷᠠᠭᠠᠴᠢ ᠶᠢᠨ ᠠᠵᠢᠯ ᠤᠨ ᠲᠤᠮᠳ᠋ᠠ ᠪᠠᠨ ᠠᠯᠬᠤᠮ ᠠᠯᠬᠤᠮ ᠢᠶᠡᠷ  ᠬᠠᠯᠠᠨ ᠰᠠᠢᠵᠢᠷᠠᠭᠤᠯᠬᠤ ᠪᠡ ᠲᠡᠭᠦᠯᠳ᠋ᠡᠷᠵᠢᠭᠦᠯᠵᠦ ᠲᠣᠣᠷ  ᠰᠦ᠋ᠯᠵᠢᠶ᠎ᠡ ᠶᠢᠨ ᠠᠰᠢᠭᠯᠠᠯᠳ᠋ᠠ ᠂ ᠵᠠᠩᠬᠢ ᠶᠢᠨ ᠮᠡᠷᠬᠡᠵᠢᠯ ᠤᠨ ᠲᠡᠬᠡᠭ᠍ᠰᠢᠯᠡᠯᠳ᠋ᠡ ᠶᠢ  ᠨᠡᠩ ᠴᠢᠬᠤᠯᠠᠴᠢᠯᠠᠨ ᠰᠤᠷᠭᠠᠨ ᠬᠦᠮᠦᠵᠢᠬᠦᠯᠬᠦ ᠵᠢᠭᠠᠨ ᠰᠤᠷᠭᠠᠯᠳ᠋ᠠ ᠶᠢᠨ ᠦᠬᠡᠷᠡᠴᠢᠯᠡᠯᠳ᠋ᠡ ᠬᠦᠭᠵᠢᠯᠳ᠋ᠡ  ᠳ᠋ᠤ ᠴᠢᠳ᠋ᠠᠮᠠᠭᠠᠢ ᠦᠢᠯᠡᠴᠢᠯᠡᠬᠦ ᠪᠠᠷ ᠴᠢᠷᠮᠠᠢᠵᠤ ᠠᠵᠢᠯᠯᠠᠨ᠎ᠠ ᠃ ᠢᠯᠡᠬᠦᠬᠡᠨ ᠬᠢᠨ᠋ᠠᠯᠲᠠ ᠲᠠᠯᠪᠢᠵᠣ ᠰᠠᠨ᠋ᠠᠯ ᠰᠢᠬᠦᠮᠵᠢ ᠪᠡᠨ ᠢᠯᠡᠬᠦᠬᠡᠨ ᠲᠡᠪᠰᠢᠭᠦᠯᠬᠦ ᠶᠢ ᠬᠦᠰᠡᠵᠤ ᠪᠠᠢᠨ᠎ᠠ ᠃

                     2016 ᠤᠨ ᠦ 7 ᠰᠠᠷ᠎ᠠ ᠶᠢᠨ 15  ᠡᠳ᠋ᠦᠷ

ᠳᠠᠷᠠᠭᠠᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号