123456 0476-6223398
ᠪᠦᠲᠦᠭᠡᠯ ᠦᠨ ᠰᠣᠨᠢᠷᠬᠠᠮᠵᠢ
60 ᠵᠢᠯ ᠦᠨ ᠣᠢ ᠶᠢᠨ ᠬᠡᠢ ᠮᠣᠷᠢ ᠰᠦᠯᠳᠡ ᠶᠢᠨ ᠲᠠᠶᠢᠯᠪᠦᠷᠢ
2016.08.18 ᠲᠣᠰ ᠥᠷᠲᠡᠭᠡᠨ ᠦ ᠨᠠᠢᠷᠠᠭᠤᠯᠤᠭᠴᠢ

ᠳ᠋ᠠᠪᠠᠨ ᠦ ᠨᠢᠭᠡᠳ᠋ᠦᠭᠡᠷ ᠳᠣᠮᠳ᠋ᠠᠳ᠋ᠣ ᠰᠣᠷᠭᠠᠭᠣᠯᠢ ᠪᠠᠢᠭᠣᠯᠣᠭᠳ᠋ᠠᠭᠰᠠᠨ

60 ᠵᠢᠯ ᠦᠨ ᠣᠢ ᠶᠢᠨ ᠬᠡᠢ  ᠮᠣᠷᠢ  ᠰᠦ᠋ᠯᠳ᠋ᠡ ᠶᠢᠨ ᠲᠠᠢᠯᠪᠣᠷᠢ

ᠣᠷᠠᠨ ᠲᠦ᠋ᠰᠦᠪᠯᠡᠬᠦᠢ ᠶᠢᠨ ᠬᠦᠨ ᠶᠣᠰᠣᠨ ᠢ ᠠᠩᠬᠠᠷᠣᠨ ᠲᠦ᠋ᠰᠦᠪᠯᠡᠪᠡ ᠃ 《 60 》 ᠭᠡᠬᠦ ᠠᠷᠠᠪ ᠲᠣᠭ᠎ᠠ ᠶᠢ ᠬᠦᠪᠡᠭᠡ ᠬᠢᠵᠠᠭᠠᠷ ᠦᠭᠡᠢ ᠭᠦᠨ ᠴᠡᠩᠬᠡᠷ ᠣᠷᠴᠢᠯᠠᠩ ᠠ᠋ᠴᠠ ᠨᠠᠷᠠᠨ ᠰᠠᠷᠠᠨ ( ᠶᠢᠷᠳ᠋ᠢᠨᠴᠣᠰ ᠤᠨ ᠭᠣᠷᠪᠠᠨ ᠭᠡᠷᠡᠯ ) ᠢ᠋ ᠠᠭᠣᠰᠬᠠᠨ ᠬᠣᠯᠪᠣᠵᠣ ᠂ ᠲᠣᠳ᠋ᠣᠷᠠᠭᠣᠯᠣᠨ ᠪᠦᠳ᠋ᠦᠭᠡᠵᠦ ᠂ ᠡᠭᠦᠨ ᠢᠶᠡᠷ ᠪᠠᠭᠠᠷᠢᠨ ᠪᠠᠷᠠᠭᠣᠨ ᠬᠣᠰᠢᠭᠣᠨ ᠦ ᠳ᠋ᠠᠪᠠᠨ ᠦ ᠨᠢᠭᠡᠳ᠋ᠦᠭᠡᠷ ᠳᠣᠮᠳ᠋ᠠᠳ᠋ᠣ ᠰᠣᠷᠭᠠᠭᠣᠯᠢ ᠶᠢᠨ 60 ᠵᠢᠯ ᠪᠣᠯ ᠪᠦᠬᠦᠶᠢᠯᠡ ᠬᠦᠮᠦᠨ ᠲᠦ᠋ᠷᠦᠯᠬᠢᠳ᠋ᠡᠨ ᠦ ᠰᠣᠶᠣᠯ ᠪᠣᠯᠪᠠᠰᠣᠨ ᠦ ᠳᠣᠮᠳ᠋ᠠᠬᠢ ᠬᠢᠯᠠᠯᠵᠠᠨ ᠪᠠᠳ᠋ᠠᠷᠠᠭ᠎ᠠ 60 ᠵᠢᠯ  ᠮᠦᠨ ᠭᠡᠰᠡᠨ ᠢ ᠪᠡᠯᠭᠡᠳ᠋ᠡᠪᠡ ᠃ ᠨᠠᠷᠨ ᠨᠢ ᠨᠣᠮ  ᠪᠢᠴᠢᠭ᠌ ᠂ ᠰᠠᠷᠨ ᠨᠢ ᠪᠠᠭᠰᠢ ᠬᠦᠮᠦᠨ ᠂ ᠣᠳ᠋ᠣᠳ ᠨᠢ ᠰᠣᠷᠣᠭᠴᠢ ᠬᠦᠮᠦᠨ ᠢ ᠲᠦ᠋ᠯᠦᠭᠡᠯᠡᠨ  ᠮᠦᠨᠴᠦ ᠡᠨᠡ ᠭᠣᠷᠪᠠ ᠶᠢᠨ ᠠᠷᠢᠭᠣᠨ ᠨᠠᠨᠳ᠋ᠢᠨ ᠬᠡᠯᠬᠢᠶᠡᠰᠦ ᠶᠢ  ᠵᠦᠢᠷᠡᠯᠡᠵᠦ ᠂ ᠪᠠᠰᠠ ᠲᠣᠭ᠎ᠠ ᠲᠣᠮᠰᠢ ᠦᠭᠡᠢ ᠬᠢᠯᠠᠯᠵᠠᠭᠰᠠᠨ ᠣᠳ᠋ᠣᠨ ᠮᠠᠴᠢᠳ ᠠ᠋ᠴᠠ ᠲᠣᠯᠣᠭᠠᠨ ᠣᠳ᠋ᠣ ( ᠡᠬᠢᠨ ᠳ᠋ᠦ ᠣᠷᠣᠬᠣ ᠠ ᠂ ᠡ ᠂ ᠂ ᠂ ᠂ ᠦ‍ ᠳᠦ᠋ᠷᠰᠦ ) ᠶ᠋ᠢ ᠳᠣᠷᠠᠢᠯᠭᠠᠭᠰᠠᠨ ᠨᠢ ᠬᠦᠮᠦᠰ ᠲᠣ ᠬᠣᠯᠪᠣᠨ ᠪᠣᠳ᠋ᠣᠬᠣ ᠣᠷᠣᠨ ᠵᠠᠢ ᠶᠢ ᠪᠣᠢ ᠪᠣᠯᠭᠠᠵᠣ ᠂ ᠲᠠᠪᠣᠨ ᠲᠢᠪ  ᠤᠨ ᠨᠤᠲᠤᠭ ᠲᠤ ᠴᠣᠷᠢ ᠶᠢᠨ ᠭᠠᠭᠴᠠᠬᠠᠨ ᠪᠣᠰᠣᠭ᠎ᠠ ᠮᠣᠩᠭᠣᠯ ᠬᠡᠯᠡᠨ ᠦ ᠮᠢᠨᠢ ᠵᠣᠬᠢᠶᠠᠨ ᠪᠦᠳ᠋ᠦᠭᠡᠭ᠍ᠳ᠋ᠡᠭᠰᠡᠨ ᠬᠦᠨ ᠣᠬᠠᠭᠠᠨ ᠢ ᠭᠠᠢᠬᠠᠭᠣᠯᠣᠭᠰᠠᠨ ᠢᠶᠡᠷ ᠦᠯᠦ ᠪᠠᠷᠠᠨ ᠳ᠋ᠠᠪᠠᠨ ᠦ ᠨᠢᠭᠡᠳ᠋ᠦᠭᠡᠷ ᠳᠣᠮᠳ᠋ᠠᠳ᠋ᠣ ᠰᠣᠷᠭᠠᠭᠣᠯᠢ ᠨᠢ ᠪᠠᠭᠠᠷᠢᠨ ᠨᠣᠳ᠋ᠣᠭ ᠤᠨ ᠲᠦᠮᠡᠨ ᠲᠦᠮᠡᠨ ᠣᠬᠠᠭᠠᠨᠳ᠋ᠣ ᠮᠣᠩᠭᠣᠯᠴᠣᠳ ᠤᠨ ᠢᠶᠡᠨ ᠦᠷ᠎ᠡ  ᠬᠤᠶᠢᠴᠢᠰ ᠢ ᠨᠢᠭᠡᠨ ᠰᠡᠳᠬᠢᠯ ᠭᠠᠭᠴᠠ ᠵᠣᠷᠢᠭ ᠢᠶᠡᠷ ᠰᠣᠷᠭᠠᠨ ᠬᠦᠮᠦᠵᠢᠭᠦᠯᠵᠦ ᠪᠠᠢᠭ᠎ᠠ ᠦᠪ ᠪᠠᠶᠠᠨ ᠮᠣᠩᠭᠣᠯ ᠰᠣᠶᠣᠯ ᠤᠨ ᠠᠯᠳ᠋ᠠᠨ ᠦᠯᠦᠭᠡᠢ ᠪᠣᠯᠬᠣ ᠶᠢ ᠵᠦ᠋ᠩᠨ᠋ᠡᠨ ᠪᠡᠯᠭᠡᠳ᠋ᠡᠵᠠᠢ ᠃

ᠪᠦᠬᠦᠯᠢ ᠵᠢᠷᠣᠭ ᠠ᠋ᠴᠠ ᠳ᠋ᠠᠪᠠᠨ ᠦ ᠨᠢᠭᠡᠳ᠋ᠦᠭᠡᠷ ᠳᠣᠮᠳ᠋ᠠᠳ᠋ᠣ ᠰᠣᠷᠭᠠᠭᠣᠯᠢ ᠪᠠᠢᠭᠣᠯᠣᠭᠳ᠋ᠠᠭᠰᠠᠨ 60 ᠵᠢᠯ ᠪᠣᠯ ᠨᠠᠷᠠᠨ ᠰᠠᠷᠠᠨ ᠳᠤ  ᠪᠦᠪᠠᠶᠢᠯᠡᠭᠳᠡᠨ ᠦᠰᠦᠭᠰᠡᠨ ᠵᠢᠷᠠᠨ ᠵᠢᠯ ᠂ ᠨᠠᠷᠠᠨ ᠰᠠᠷᠠᠨ ᠢᠶᠡᠨ ᠣᠴᠠᠷᠯᠠᠨ ᠲᠠᠭᠣᠯᠠᠭᠰᠠᠨ ᠵᠢᠷᠠᠨ ᠵᠢᠯ ᠂ ᠨᠠᠷᠠᠨ ᠰᠠᠷᠠᠨ ᠣᠷᠴᠢᠨ ᠡᠭᠡᠯᠵᠢᠯᠡᠭᠰᠡᠨ ᠵᠢᠷᠠᠨ ᠵᠢᠯ ᠂ ᠣᠳ᠋ᠣᠨ ᠮᠡᠴᠢᠳ ᠭᠢᠯᠠᠯᠵᠠᠨ ᠪᠠᠳ᠋ᠠᠷᠠᠭᠰᠠᠨ ᠵᠢᠷᠠᠨ ᠵᠢᠯ ᠬᠡᠮᠡᠨ ᠮᠠᠭᠳ᠋ᠠᠨ ᠳᠠᠭᠣᠯᠠᠭᠰᠠᠨ ᠣᠳᠬ᠎ᠠ ᠰᠠᠨ᠋ᠠᠭ᠎ᠠ ᠶᠢ ᠬᠠᠷᠠᠭᠣᠯᠣᠭᠰᠠᠨ ᠪᠠᠢᠨ᠎ᠠ ᠃

ᠣᠷᠠᠯᠠᠨ ᠲᠦ᠋ᠰᠦᠪᠯᠡᠭᠰᠡᠨ ᠨᠢ ᠄

                                          ᠳ᠋ᠠᠪᠠᠨ ᠨᠢᠭᠡᠳ᠋ᠦᠭᠡᠷ ᠳᠣᠮᠳ᠋ᠠᠳ᠋ᠣ ᠰᠣᠷᠭᠠᠭᠣᠯᠢ ᠶᠢᠨ

                                          ᠣᠷᠠᠨ ᠵᠢᠷᠣᠭ ᠤᠨ ᠪᠠᠭᠰᠢ ᠰ ᠂ ᠦᠯᠵᠡᠢᠮᠦ᠋ᠷᠡᠨ

          2016 ᠂ 08 ᠂10

                                                 

ᠳᠠᠷᠠᠭᠠᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号