123456 0476-6223398
ᠬᠠᠢᠷ᠎ᠠ ᠶᠢᠨ ᠬᠠᠨᠳᠢᠪ
《 ᠬᠠᠪᠣᠷ ᠤᠨ ᠴᠣᠮᠣᠷᠯᠢᠭ ᠳᠡᠭᠡᠳ᠋ᠣ ᠳᠣᠮᠳ᠋ᠠᠳ᠋ᠣ ᠶᠢᠨ ᠠᠩᠬᠢ 》 ᠶ᠋ᠢ ᠳᠡᠮᠵᠢᠨ ᠳᠣᠰᠠᠯᠠᠬᠣ ᠮᠦ᠋ᠩᠭᠦ ᠳᠠᠷᠬᠠᠭᠠᠬᠣ ᠶᠣᠰᠣᠯᠠᠯ
2016.08.19 ᠲᠣᠰ ᠥᠷᠲᠡᠭᠡᠨ ᠦ ᠨᠠᠢᠷᠠᠭᠤᠯᠤᠭᠴᠢ

 

ᠪᠠᠭᠠᠷᠢᠨ ᠪᠠᠷᠠᠭᠣᠨ ᠬᠣᠰᠢᠭᠣᠨ ᠦ 《 ᠬᠠᠪᠣᠷ ᠤᠨ ᠴᠣᠮᠣᠷᠯᠢᠭ ᠳᠡᠭᠡᠳ᠋ᠣ ᠳᠣᠮᠳ᠋ᠠᠳ᠋ᠣ ᠶᠢᠨ ᠠᠩᠬᠢ 》 ᠶ᠋ᠢ ᠳᠡᠮᠵᠢᠨ ᠳᠣᠰᠠᠯᠠᠬᠣ ᠮᠦ᠋ᠩᠭᠦ ᠳᠠᠷᠬᠠᠭᠠᠬᠣ ᠶᠣᠰᠣᠯᠠᠯ ᠵᠢᠴᠢ 《 ᠴᠣᠮᠣᠷᠯᠢᠭ ᠤᠨ ᠰᠠᠬᠢᠶ᠎ᠠ ᠮᠡᠨᠳ᠋ᠣ ᠶᠢᠨ ᠠᠶᠠᠯᠠᠯ 》 ᠬᠣᠶᠠᠳ᠋ᠣᠭᠠᠷ ᠬᠣᠭᠣᠴᠠᠭᠠᠨ ᠦ ᠦᠰᠣᠨ ᠪᠣᠢᠵᠢᠯᠳ᠋ᠠ ᠶᠢᠨ ᠭᠦᠮᠣᠵᠢᠯ ᠤᠨ ᠶᠠᠷᠢᠶ᠎ᠠ ᠳᠠᠢᠯᠣᠮᠵᠢ ᠶᠢᠨ ᠬᠣᠷᠠᠯᠳ᠋ᠣᠭᠠᠨ ᠮᠠᠨ ᠦ ᠰᠣᠷᠭᠠᠭᠣᠯᠢ ᠳ᠋ᠤ ᠪᠣᠯᠪᠠ

 

2015 ᠣᠨ ᠤ 4 ᠰᠠᠷ᠎ᠠ ᠶᠢᠨ 22 ᠤᠨ ᠡᠳ᠋ᠣᠷ ᠤᠨ ᠦᠳ᠋ᠡ ᠶᠢᠨ ᠬᠣᠢᠨ᠎ᠠ ᠱᠠᠳ᠋ᠣᠯᠢᠭ ᠬᠢᠴᠢᠶᠡᠯ ᠤᠨ ᠭᠡᠷ ᠲᠣ ᠂ ᠪᠠᠭᠠᠷᠢᠨ ᠪᠠᠷᠠᠭᠣᠨ ᠬᠣᠰᠢᠭᠣᠨ ᠦ 《 ᠬᠠᠪᠣᠷ ᠤᠨ ᠴᠣᠮᠣᠷᠯᠢᠭ ᠳᠡᠭᠡᠳ᠋ᠣ ᠳᠣᠮᠳ᠋ᠠᠳ᠋ᠣ ᠶᠢᠨ ᠠᠩᠬᠢ 》 ᠶ᠋ᠢ  ᠳᠡᠮᠵᠢᠨ ᠳᠣᠰᠠᠯᠠᠬᠣ ᠮᠦ᠋ᠩᠭᠦ ᠳᠠᠷᠬᠠᠭᠠᠬᠣ ᠶᠣᠰᠣᠯᠠᠯ ᠵᠢᠴᠢ 《 ᠴᠣᠮᠣᠷᠯᠢᠭ ᠤᠨ ᠰᠠᠬᠢᠶ᠎ᠠ ᠮᠡᠨᠳ᠋ᠣ ᠶᠢᠨ ᠠᠶᠠᠯᠠᠯ 》 ᠬᠣᠶᠠᠳ᠋ᠣᠭᠠᠷ ᠬᠣᠭᠣᠴᠠᠭᠠᠨ ᠦ ᠦᠰᠣᠨ ᠪᠣᠢᠵᠢᠯᠳ᠋ᠠ ᠶᠢᠨ ᠭᠦᠮᠣᠵᠢᠯ ᠤᠨ ᠶᠠᠷᠢᠶ᠎ᠠ ᠳᠠᠢᠯᠣᠮᠵᠢ ᠶᠢᠨ ᠬᠣᠷᠠᠯᠳ᠋ᠣᠭᠠᠨ ᠮᠠᠨ ᠦ ᠰᠣᠷᠭᠠᠭᠣᠯᠢ ᠳ᠋ᠤ ᠶᠠᠪᠣᠭᠳ᠋ᠠᠪᠠ ᠃ ᠬᠣᠷᠠᠯ ᠳ᠋ᠤ ᠪᠠᠭᠠᠷᠢᠨ ᠪᠠᠷᠠᠭᠣᠨ ᠬᠣᠰᠢᠭᠣᠨ ᠦ ᠡᠮᠡᠭ᠍ᠳ᠋ᠡᠢᠴᠣᠳ ᠤᠨ ᠬᠣᠯᠪᠣᠭᠠᠳ᠋ᠣ ᠬᠣᠷᠠᠯ ᠤᠨ ᠳᠡᠷᠢᠭᠦᠯᠡᠭᠴᠢ ᠫᠸᠩ ᠾᠦ᠋ᠩ ᠶᠠᠨ ᠂ ᠬᠣᠰᠢᠭᠣᠨ ᠦ ᠬᠣᠢᠴᠢ ᠦᠶ᠎ᠡ ᠶᠢᠨ ᠬᠢᠨ ᠢ ᠬᠠᠯᠠᠮᠵᠢᠯᠠᠬᠣ ᠨᠡᠢᠭᠡᠮᠯᠢᠭ᠌ ᠤᠨ ᠳᠡᠳ᠋ ᠡᠷᠬᠢᠯᠡᠭᠴᠢ ᠳ᠋ᠦ᠋ᠩ ᠸᠸᠨ ᠯᠢ ᠂ ᠬᠣᠰᠢᠭᠣᠨ ᠦ ᠰᠣᠷᠭᠠᠨ ᠭᠦᠮᠣᠵᠢᠯ ᠤᠨ ᠳᠣᠪᠴᠢᠶᠠᠨ ᠦ ᠳᠡᠳ᠋ ᠳᠠᠷᠣᠭ᠎ᠠ ᠮᠠ ᠸᠸᠨ ᠪᠢᠨ ᠂ ᠬᠣᠰᠢᠭᠣᠨ ᠦ ᠡᠭᠡ ᠨᠢᠯᠬᠠᠰ ᠤᠨ ᠡᠮᠨ᠋ᠡᠯᠭᠡ ᠶᠢᠨ ᠬᠣᠷᠢᠶᠠᠨ ᠦ ᠡᠮᠡᠭ᠍ᠳ᠋ᠡᠢ ᠶᠢᠨ ᠰᠠᠯᠠᠭᠠᠨ ᠦ ᠡᠷᠬᠢᠯᠡᠭᠴᠢ ᠡᠮᠴᠢ ᠬᠠᠰᠳ᠋ᠣᠶᠠᠭ᠎ᠠ  ᠂ ᠰᠣᠷᠭᠠᠭᠣᠯᠢ ᠶᠢᠨ ᠵᠠᠬᠢᠷᠣᠯ ᠰᠸᠸᠠᠩ ᠂ ᠳᠡᠳ᠋ ᠵᠠᠬᠢᠷᠣᠯ ᠰ· ᠭᠡᠷᠡᠯ ᠂ ᠰᠣᠷᠭᠠᠭᠣᠯᠢ ᠶᠢᠨ ᠡᠮᠡᠭ᠍ᠳ᠋ᠡᠢᠴᠣᠳ ᠤᠨ ᠬᠣᠯᠪᠣᠭᠠᠳ᠋ᠣ ᠬᠣᠷᠠᠯ ᠤᠨ ᠡᠷᠬᠢᠯᠡᠭᠴᠢ ᠬᠣᠩ ᠰᠢᠶᠠ ᠨᠠᠷ ᠪᠠ  ᠪᠦᠭᠦ ᠡᠮᠡᠭ᠍ᠳ᠋ᠡᠢ ᠰᠣᠷᠣᠭᠴᠢᠳ ᠣᠷᠣᠯᠴᠠᠪᠠ ᠃

1. 《 ᠬᠠᠪᠣᠷ ᠤᠨ ᠴᠣᠮᠣᠷᠯᠢᠭ ᠳᠡᠭᠡᠳ᠋ᠣ ᠳᠣᠮᠳ᠋ᠠᠳ᠋ᠣ ᠶᠢᠨ ᠠᠩᠬᠢ 》 ᠶ᠋ᠢ ᠳᠡᠮᠵᠢᠨ ᠳᠣᠰᠠᠯᠠᠬᠣ ᠮᠦ᠋ᠩᠭᠦ ᠶᠢ ᠳᠡᠭᠡᠳ᠋ᠣ ᠨᠢᠭᠡᠳ᠋ᠣᠭᠡᠷ ᠣᠨ ᠦ 25 ᠰᠣᠷᠣᠭᠴᠢ ᠳ᠋ᠤ ᠣᠯᠭᠣᠪᠠ ᠃ ᠭᠦᠮᠣᠨ ᠪᠦᠭᠦᠨ ᠳ᠋ᠤ ᠵᠢᠯ ᠪᠦᠷᠢ ᠠᠷᠠᠳ ᠤᠨ ᠵᠣᠭᠣᠰ 2400 ᠳᠦ᠋ᠭᠦᠷᠢᠭ᠌ ᠂ ᠭᠣᠷᠪᠠᠨ ᠵᠢᠯ ᠳᠠᠷᠠᠭᠠᠯᠠᠨ ᠣᠯᠭᠣᠨ᠎ᠠ ᠃

 

2. ᠳᠡᠮᠵᠢᠨ ᠳᠣᠰᠠᠯᠠᠬᠣ ᠮᠦ᠋ᠩᠭᠦ ᠭᠦᠷᠳ᠋ᠡᠭ᠍ᠰᠡᠨ ᠰᠣᠷᠣᠭᠴᠢ ᠶᠢᠨ ᠳᠦ᠋ᠯᠣᠭᠡᠯᠡᠭᠴᠢ ᠳᠡᠭᠡᠳ᠋ᠣ 1.7 ᠵᠢᠨ  ᠴᠠᠰᠣᠨ᠎ᠠ ᠠ᠋ᠴᠠ ᠳᠠᠯᠠᠷᠬᠠᠯ ᠤᠨ ᠦᠭᠡ ᠬᠡᠯᠡᠪᠡ ᠃

3. ᠰᠣᠷᠭᠠᠭᠣᠯᠢ ᠶᠢᠨ ᠵᠠᠬᠢᠷᠣᠯ ᠰᠸᠸᠠᠩ ᠶᠠᠷᠢᠶ᠎ᠠ ᠳᠠᠯᠪᠢᠪᠠ ᠃

4. ᠬᠣᠰᠢᠭᠣᠨ ᠦ ᠡᠮᠡᠭ᠍ᠳ᠋ᠡᠢᠴᠣᠳ ᠤᠨ ᠬᠣᠯᠪᠣᠭᠠᠳ᠋ᠣ ᠬᠣᠷᠠᠯ ᠤᠨ ᠳᠡᠷᠢᠭᠦᠯᠡᠭᠴᠢ ᠫᠸᠩ ᠾᠦ᠋ᠩ ᠶᠠᠨ ᠶᠠᠷᠢᠶ᠎ᠠ ᠳᠠᠯᠪᠢᠪᠠ ᠃

5. ᠬᠣᠰᠢᠭᠣᠨ ᠦ ᠡᠭᠡ ᠨᠢᠯᠬᠠᠰ ᠤᠨ ᠡᠮᠨ᠋ᠡᠯᠭᠡ ᠶᠢᠨ ᠬᠣᠷᠢᠶᠠᠨ ᠦ ᠡᠮᠡᠭ᠍ᠳ᠋ᠡᠢ ᠶᠢᠨ ᠰᠠᠯᠠᠭᠠᠨ ᠦ ᠡᠷᠬᠢᠯᠡᠭᠴᠢ ᠡᠮᠴᠢ ᠬᠠᠰᠳ᠋ᠣᠶᠠᠭ᠎ᠠ ᠠ᠋ᠴᠠ ᠡᠮᠡᠭ᠍ᠳ᠋ᠡᠢ ᠰᠣᠷᠣᠭᠴᠢᠳ ᠲᠣ ᠦᠰᠪᠣᠷᠢ ᠨᠠᠰᠣᠨ ᠦ ᠬᠡᠣᠬᠡᠨᠴᠣᠳ ᠤᠨ ᠡᠷᠡᠭᠦᠯ ᠮᠠᠨᠳ᠋ᠣ ᠶᠢᠨ ᠳᠣᠬᠠᠢ ᠳᠣᠰᠬᠠᠢ ᠰᠡᠳ᠋ᠣᠪᠳ᠋ᠣ ᠶᠠᠷᠢᠶ᠎ᠠ ᠳᠠᠢᠯᠣᠮᠵᠢ ᠬᠢᠵᠠᠢ ᠃

 

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号