123456 0476-6223398
ᠬᠠᠢᠷ᠎ᠠ ᠶᠢᠨ ᠬᠠᠨᠳᠢᠪ
ᠬᠠᠢᠷ᠎ᠠ ᠶᠢᠨ ᠬᠠᠨᠳ᠋ᠢᠪ ᠤᠨ ᠨᠠᠢᠷᠠᠯ ᠰᠢᠷᠢᠰ ᠠᠵᠢᠯᠯᠠᠭᠠᠨ ᠦᠷᠨ᠋ᠢᠭᠦᠯᠪᠡ
2016.08.09 ᠲᠣᠰ ᠥᠷᠲᠡᠭᠡᠨ ᠦ ᠨᠠᠢᠷᠠᠭᠤᠯᠤᠭᠴᠢ

2016 ᠣᠨ ᠤ1 ᠰᠠᠷ᠎ᠠ ᠵᠢᠨ ᠬᠣᠷᠢᠨ ᠤ ᠡᠳ᠋ᠦᠷ ᠤᠨ ᠣᠷᠣᠢ ᠂ ᠱᠠᠳ᠋ᠣᠯᠢᠭ ᠬᠢᠴᠢᠶᠡᠯ ᠤᠨ ᠭᠡᠷ ᠲᠣ ᠂ ᠳ᠋ᠠᠪᠠᠨ ᠦ ᠨᠢᠭᠡᠳ᠋ᠣᠭᠡᠷ ᠳᠣᠮᠳ᠋ᠠᠳ᠋ᠣ ᠰᠣᠷᠭᠠᠭᠣᠯᠢ ᠨᠢ ᠬᠠᠢᠷ᠎ᠠ ᠶᠢᠨ ᠬᠠᠨᠳ᠋ᠢᠪ ᠤᠨ ᠨᠠᠢᠷᠠᠯ ᠰᠢᠷᠢᠰ ᠠᠵᠢᠯᠯᠠᠭᠠᠨ ᠦᠷᠨ᠋ᠢᠭᠦᠯᠪᠡ ᠃ 《 ᠰᠤᠶᠤᠯ ᠤᠨ ᠠᠯᠳ᠋ᠠᠨ ᠦᠯᠦᠬᠡᠢ 》 ᠰᠣᠷᠣᠯᠭ᠎ᠠ ᠶᠢᠨ ᠰᠠᠭᠣᠷᠢ ᠮᠦ᠋ᠡᠭ᠍ᠭᠦᠨ ᠦ ᠰᠠᠡᠭ᠌ ᠳ᠋ᠤ ᠮᠦ᠋ᠩᠭᠦ ᠬᠠᠨᠳ᠋ᠢᠪᠯᠠᠬᠣ ︔ ᠰᠣᠷᠣᠯᠭ᠎ᠠ ᠪᠦᠳ᠋ᠣᠮᠵᠢ ᠪᠠᠷ ᠢᠶᠡᠨ ᠣᠳ᠋ᠣᠯᠠᠭᠰᠠᠨ ᠰᠣᠷᠣᠭᠴᠢᠳ ᠲᠣ ᠱᠠᠩᠨ᠋ᠠᠯ ᠤᠨ ᠮᠦ᠋ᠩᠭᠦ ᠭᠦᠷᠳ᠋ᠡᠭᠡᠭᠦ ︔ 2016 ᠣᠨ ᠳ᠋ᠤ ᠳᠡᠭᠡᠳ᠋ᠣ ᠰᠢᠯᠭᠠᠯᠳ᠋ᠠ ᠣᠭᠳ᠋ᠣᠬᠣ ᠪᠠᠭᠰᠢ ᠰᠣᠷᠣᠭᠴᠢᠳ ᠲᠣ ᠵᠣᠷᠢᠭᠣᠯᠣᠭᠰᠠᠨ ᠪᠠᠭᠠᠷᠢᠨ ᠪᠠᠷᠠᠭᠣᠨ ᠬᠣᠰᠢᠭᠣᠨ ᠦ ᠣᠯᠠᠭᠠᠠᠮᠦ᠋ᠴᠢᠷ ᠤᠨ 《 ᠬᠠᠢᠷ᠎ᠠ ᠶᠢᠨ ᠬᠠᠨᠳ᠋ᠢᠪ 》 ᠣᠷᠠᠨ ᠰᠠᠢᠬᠠᠨ ᠦ ᠳᠣᠭᠯᠠᠯᠳ᠋ᠠ ᠵᠡᠷᠭᠡ ᠠᠭᠣᠯᠭ᠎ᠠ ᠡᠷᠡᠮᠪᠡ ᠳᠠᠷᠠᠭ᠎ᠠ ᠪᠠᠷ ᠶᠠᠪᠣᠭᠳ᠋ᠠᠪᠠ ᠃

ᠳ᠋ᠠᠪᠠᠨ ᠦ ᠨᠢᠭᠡᠳ᠋ᠦᠭᠡᠷ ᠳᠣᠮᠳ᠋ᠠᠳ᠋ᠣ ᠰᠣᠷᠭᠠᠭᠣᠯᠢ ᠶᠢᠨ 《 ᠰᠣᠶᠣᠯ ᠤᠨ ᠠᠯᠳ᠋ᠠᠨ ᠦᠯᠣᠭᠡᠢ 》 ᠰᠣᠷᠣᠯᠭ᠎ᠠ ᠶᠢᠨ ᠱᠠᠩᠨ᠋ᠠᠯ ᠤᠨ ᠰᠠᠭᠣᠷᠢ ᠮᠦ᠋ᠩᠭᠦ ᠨᠢ ᠂ ᠰᠣᠷᠭᠠᠭᠣᠯᠢ ᠪᠠᠢᠭᠣᠯᠣᠭᠳ᠋ᠠᠭᠰᠠᠨ 30 ᠵᠢᠯ ᠤᠨ ᠣᠢ ᠪᠣᠶᠣ 1986 ᠣᠨ ᠳ᠋ᠤ  ᠪᠣᠷᠵᠢᠬᠢᠨ ᠸᠠᠩᠴᠣᠭ ᠳᠦ᠋ᠷᠣᠭᠦᠳ᠋ᠡᠢ ᠭᠦᠭᠡᠬᠣᠳ᠋ᠡ ᠂ ᠪᠡᠭᠡᠵᠢᠩ ᠂ ᠠᠯᠠᠱᠠ ᠂ ᠣᠯᠠᠭᠠᠨᠬᠠᠳ᠋ᠠ ᠂ ᠳ᠋ᠠᠪᠠᠨ ᠵᠡᠷᠭᠡ ᠣᠷᠣᠨ ᠳ᠋ᠤ ᠠᠵᠢᠯᠯᠠᠵᠣ ᠪᠠᠢᠭ᠎ᠠ ᠵᠠᠭᠣ ᠭᠠᠷᠣᠢ ᠰᠣᠷᠭᠠᠭᠣᠯᠢ ᠶᠢᠨ ᠨᠠᠢᠵᠠ ᠬᠢᠭᠡᠳ ᠪᠠᠭᠰᠢ ᠨᠠᠷ ᠠ᠋ᠴᠠ ᠦᠶ᠎ᠡ ᠦᠶ᠎ᠡ ᠶᠢᠨ ᠰᠢᠯᠢᠳ᠋ᠡᠭ᠌ ᠰᠣᠷᠣᠯᠭᠠᠳ᠋ᠠᠳ ᠤᠨ ᠢᠳ᠋ᠡᠭᠡᠯ ᠳ᠋ᠤ ᠨᠢ ᠳᠦ᠋ᠯᠣ ᠬᠠᠢᠷᠠᠯᠠᠵᠣ ᠂ ᠰᠡᠳᠬᠢᠯ ᠳ᠋ᠤ ᠨᠢ ᠡᠷᠴᠢ ᠦᠭᠴᠣ ᠣᠯᠠᠮ ᠳᠠᠪᠰᠢᠭᠣᠯᠬᠣ ᠶᠢᠨ ᠡᠭᠦᠳ᠋ᠡᠨ ᠠ᠋ᠴᠠ ᠵᠣᠬᠢᠶᠠᠨ ᠪᠠᠢᠭᠣᠯᠣᠭᠰᠠᠨ ᠨᠡᠢᠳ᠋ᠡ ᠳ᠋ᠤ ᠳᠠᠭᠣᠷᠢᠶᠠᠯ ᠪᠣᠯᠭᠠᠬᠣ ᠨᠡᠢᠭᠡᠮ ᠤᠨ ᠠᠵᠢᠯᠯᠠᠭ᠎ᠠ ᠂ ᠬᠠᠳ᠋ᠠᠭᠠᠯᠠᠭᠰᠠᠨ ᠭᠦᠷᠣᠩᠭᠡ ᠰᠠᠩ ᠤᠨ ᠢᠶᠡᠨ ᠭᠦᠣ ᠮᠦ᠋ᠩᠭᠦ ᠪᠠᠷ ᠨᠢ ᠭᠦᠬᠢᠭᠦᠯᠣᠯ ᠱᠠᠩᠨ᠋ᠠᠯ ᠤᠨ ᠵᠠᠷᠠᠳ᠋ᠣᠯ ᠪᠣᠯᠭᠠᠳ᠋ᠠᠭ ᠬᠠᠢᠷ᠎ᠠ ᠶᠢᠨ ᠠᠵᠢᠯᠯᠠᠭ᠎ᠠ ᠪᠣᠯᠣᠨ᠎ᠠ ᠃ ᠡᠨ᠋ᠡ ᠭᠦ ᠬᠣᠭᠣᠴᠠᠭᠠᠨ ᠳ᠋ᠤ ᠂ ᠰᠣᠷᠣᠯᠭ᠎ᠠ ᠶᠢᠨ ᠱᠠᠩᠨ᠋ᠠᠯ ᠤᠨ ᠰᠠᠭᠣᠷᠢ ᠮᠦ᠋ᠩᠭᠦ ᠪᠡᠨ ᠳᠣᠰᠬᠠᠢ ᠭᠦᠮᠣᠨ ᠢᠶᠡᠷ ᠬᠠᠮᠢᠶᠠᠷᠣᠭᠣᠯᠣᠨ ᠂ ᠣᠷᠣᠯᠭ᠎ᠠ ᠵᠠᠷᠣᠯᠭ᠎ᠠ ᠶᠢᠨ ᠳᠠᠩᠰᠠ ᠪᠡᠨ ᠳᠣᠳ᠋ᠣᠷᠬᠠᠢ ᠪᠠᠢᠯᠭᠠᠵᠣ ᠂ ᠵᠢᠯ ᠪᠦᠷᠢ ᠨᠢᠭᠡ ᠣᠳ᠋ᠠᠭ᠎ᠠ ᠰᠢᠯᠢᠳ᠋ᠡᠭ᠌ ᠰᠣᠷᠣᠭᠴᠢᠳ ᠢ ᠭᠦᠬᠢᠭᠦᠯᠣᠨ ᠱᠩᠨ᠋ᠠᠬᠣ ᠪᠡᠨ ᠪᠠᠷᠢᠮᠳ᠋ᠠᠯᠠᠵᠣ ᠢᠷᠡᠭ᠍ᠰᠡᠨ ᠪᠦᠭᠡᠳ ᠨᠡᠩ ᠣᠷᠴᠢᠮ ᠤᠨ ᠵᠢᠯ ᠤᠳ ᠲᠣ ᠰᠠᠭᠣᠷᠢ ᠮᠦ᠋ᠩᠭᠦ ᠶᠢᠨ ᠰᠠᠩ ᠳ᠋ᠤ ᠰᠣᠷᠭᠠᠭᠣᠯᠢ ᠶᠢᠨ ᠡᠳ᠋ ᠤᠨ ᠶᠠᠪᠣᠳ᠋ᠠᠯ ᠠ᠋ᠴᠠ ᠵᠢᠯ ᠪᠦᠷᠢ 20 ᠠ᠋ᠴᠠ 30 ᠳᠦ᠋ᠮᠡᠨ ᠳᠦ᠋ᠭᠦᠷᠢᠭ᠌ ᠵᠣᠭᠣᠰ ᠣᠷᠣᠭᠣᠯᠣᠨ ᠰᠢᠯᠢᠳ᠋ᠡᠭ᠌ ᠰᠣᠷᠣᠭᠴᠢ ᠶᠢ ᠱᠠᠩᠨ᠋ᠠᠨ ᠭᠦᠬᠢᠭᠦᠯᠵᠣ ᠪᠠᠢᠨ᠎ᠠ ᠃ 30 ᠵᠢᠯ ᠤᠨ ᠳᠣᠷᠰᠢ ᠵᠦ᠋ᠪ ᠰᠡᠳᠬᠢᠵᠣ ᠵᠦ᠋ᠢᠳ᠋ᠠᠢ ᠭᠦᠢᠴᠡᠳᠭᠡᠭ᠍ᠰᠡᠨ ᠡᠨ᠋ᠡ ᠭᠦ ᠠᠵᠢᠯᠯᠠᠭ᠎ᠠ ᠨᠢ ᠬᠠᠢᠷ᠎ᠠ ᠶᠢᠨ ᠪᠣᠣᠬᠢᠶ᠎ᠠ ᠠᠶᠠᠨ ᠪᠣᠯᠵᠣ ᠦᠨ᠋ᠣ ᠶᠢ ᠣᠭᠳ᠋ᠣᠪᠠ ᠃

《 ᠰᠣᠶᠣᠯ ᠤᠨ ᠠᠯᠳ᠋ᠠᠨ ᠦᠯᠣᠭᠡᠢ 》 ᠰᠣᠷᠣᠯᠭ᠎ᠠ ᠶᠢᠨ ᠱᠠᠩᠨ᠋ᠠᠯ ᠤᠨ ᠰᠠᠭᠣᠷᠢ ᠮᠦ᠋ᠩᠭᠦ ᠶᠢᠨ ᠦᠢᠯᠠᠳ᠋ᠣᠯ ᠢ ᠨᠡᠩ ᠰᠠᠢᠨ ᠪᠠᠳ᠋ᠠᠷᠠᠭᠣᠯᠬᠣ ᠂ ᠨᠡᠢᠭᠡᠮ ᠤᠨ ᠡᠯ᠎ᠡ ᠡᠳ᠋ᠡᠭᠡᠳ ᠤᠨ ᠬᠢᠨ ᠦ ᠬᠠᠯᠠᠮᠵᠢ ᠳᠡᠮᠵᠢᠯᠭᠡ ᠪᠠᠷ ᠪᠣᠵᠠᠭᠠᠢᠷᠠᠭᠣᠯᠬᠣ ᠶᠢᠨ ᠡᠭᠦᠳ᠋ᠡᠨ ᠠ᠋ᠴᠠ ᠰᠢᠨ᠎ᠡ ᠨᠢᠭᠡ ᠡᠭᠡᠯᠵᠢ ᠶᠢᠨ ᠰᠣᠷᠣᠯᠭ᠎ᠠ ᠶᠢᠨ ᠱᠠᠩᠨ᠋ᠠᠯ ᠤᠨ ᠰᠠᠭᠣᠷᠢ ᠮᠦ᠋ᠩᠭᠦ ᠶᠢᠨ ᠵᠦ᠋ᠪᠯᠠᠯ ᠢ ᠳᠣᠭᠳ᠋ᠠᠭᠠᠪᠠ ᠃

ᠡᠷᠬᠢᠯᠡᠭᠴᠢ ᠄ ᠰᠸᠸᠠᠩ ( ᠳ᠋ᠠᠪᠠᠨ ᠦ ᠨᠢᠭᠡᠳ᠋ᠣᠭᠡᠷ ᠳᠣᠮᠳ᠋ᠠᠳ᠋ᠣ ᠰᠣᠷᠭᠠᠭᠣᠯᠢ ᠶᠢᠨ ᠨᠠᠮ ᠤᠨ ᠡᠭᠦᠷ ᠱᠦ᠋ᠵᠢ ᠂ ᠵᠠᠬᠢᠷᠣᠯ )

ᠪᠠᠢᠩᠭᠣ ᠶᠢᠨ ᠳᠡᠳ᠋ ᠡᠷᠬᠢᠯᠡᠭᠴᠢ ᠄ ᠰᠣᠷᠭᠠᠯᠳ᠋ᠣ ( ᠪᠠᠭᠠᠷᠢᠨ ᠪᠠᠷᠠᠭᠣᠨ ᠬᠣᠰᠢᠭᠣᠨ ᠦ ᠠᠷᠠᠳ ᠤᠨ ᠰᠣᠶᠣᠯ ᠣᠷᠠᠯᠢᠭ ᠤᠨ ᠬᠣᠯᠪᠣᠭ᠎ᠠ ᠶᠢᠨ ᠳᠡᠷᠢᠭᠦᠯᠡᠭᠴᠢ )

ᠳᠡᠳ᠋ ᠡᠷᠬᠢᠯᠡᠭᠴᠢ ᠄ ᠰ· ᠭᠡᠷᠡᠯ ( ᠳ᠋ᠠᠪᠠᠨ ᠦ ᠨᠢᠭᠡᠳ᠋ᠣᠭᠡᠷ ᠳᠣᠮᠳ᠋ᠠᠳ᠋ᠣ ᠰᠣᠷᠭᠠᠭᠣᠯᠢ ᠶᠢᠨ ᠳᠡᠳ᠋ ᠵᠠᠬᠢᠷᠣᠯ )

ᠴᠣᠯᠮᠣᠨ ( ᠬᠢᠴᠢᠶᠡᠯ ᠭᠦᠮᠣᠵᠢᠯ ᠤᠨ ᠭᠠᠵᠠᠷ ᠤᠨ ᠡᠷᠬᠢᠯᠡᠭᠴᠢ )

ᠭᠡᠰᠢᠭᠦᠨ ᠄ ᠵ· ᠪᠠᠶᠠᠠᠳ᠋ᠦ᠋ᠷᠡᠩ ( ᠬᠢᠴᠢᠶᠡᠯ ᠭᠦᠮᠣᠵᠢᠯ ᠤᠨ ᠭᠠᠵᠠᠷ ᠤᠨ ᠳᠡᠳ᠋ ᠡᠷᠬᠢᠯᠡᠭᠴᠢ )

ᠴᠠᠩ ᠮᠢᠩ ( ᠰᠣᠷᠭᠠᠭᠣᠯᠢ ᠶᠢᠨ ᠳᠡᠳᠭᠦᠮᠵᠢ ᠶᠢᠨ ᠬᠠᠮᠢᠶᠠᠷᠣᠯᠳ᠋ᠠ ᠶᠢᠨ ᠠᠯᠪᠠᠨ ᠭᠡᠷ ᠤᠨ ᠡᠷᠬᠢᠯᠡᠭᠴᠢ )

ᠰᠸᠸᠩᠪᠠᠭᠠᠳ᠋ᠣᠷ ( ᠰᠣᠷᠭᠠᠭᠣᠯᠢ ᠶᠢᠨ ᠶᠠᠪᠣᠳ᠋ᠠᠯ ᠤᠨ ᠠᠯᠪᠠᠨ ᠭᠡᠷ ᠤᠨ ᠠᠵᠢᠯᠳ᠋ᠠᠨ )

ᠳᠣᠰᠢᠶᠠᠯ ᠬᠠᠷᠢᠭᠣᠴᠠᠭ᠎ᠠ ᠵᠦ᠋ᠪᠯᠡᠯ ᠤᠨ ᠡᠷᠬᠢᠯᠡᠭᠴᠢ ᠰᠸᠸᠠᠩ ᠠ᠋ᠴᠠ ᠰᠠᠭᠣᠷᠢ ᠮᠦ᠋ᠩᠭᠦ ᠶᠢᠨ ᠰᠠᠩ ᠪᠠᠢᠭᠣᠯᠣᠭᠳ᠋ᠠᠭᠰᠠᠨ 30 ᠵᠢᠯ ᠤᠨ ᠳᠣᠷᠰᠢᠭᠢ ᠭᠦᠭᠵᠢᠯᠳ᠋ᠠ ᠪᠠ ᠣᠳ᠋ᠣᠬᠠᠨ ᠦ ᠪᠠᠢᠳ᠋ᠠᠯ ᠂ ᠳᠠᠩᠰᠠ ᠬᠠᠷ᠎ᠠ ᠂ ᠣᠷᠣᠯᠭ᠎ᠠ ᠵᠠᠷᠣᠯᠭ᠎ᠠ ᠶᠢᠨ ᠳᠣᠬᠠᠢ ᠣᠳ᠋ᠣ ᠪᠣᠯᠳ᠋ᠠᠯ᠎ᠠ ᠨᠡᠢᠳ᠋ᠡ ᠣᠷᠣᠯᠭ᠎ᠠ 91774.60 ᠳᠦ᠋ᠭᠦᠷᠢᠭ᠌ ᠂ ᠨᠡᠢᠳ᠋ᠡ ᠵᠠᠷᠣᠯᠭ᠎ᠠ 3885.66 ᠳᠦ᠋ᠭᠦᠷᠢᠭ᠌ ᠂ ᠣᠳ᠋ᠣ 87888.94 ᠳᠦ᠋ᠭᠦᠷᠢᠭ᠌ ᠵᠣᠭᠣᠰ ᠬᠠᠳ᠋ᠠᠭᠠᠯᠠᠵᠣ ᠪᠠᠢᠭ᠎ᠠ ᠵᠡᠷᠭᠡ ᠳᠠᠯ᠎ᠠ ᠠ᠋ᠴᠠ ᠨᠠᠷᠢᠯᠢᠭ ᠮᠡᠳ᠋ᠡᠭᠦᠯᠣᠯᠳ᠋ᠡ ᠬᠢᠭ᠍ᠰᠡᠨ ᠪᠦᠭᠡᠳ ᠰᠠᠭᠣᠷᠢ ᠮᠦ᠋ᠩᠭᠦ ᠶᠢᠨ ᠬᠠᠳ᠋ᠠᠭᠠᠯᠠᠮᠵᠢ ᠶᠢᠨ ᠺᠠᠷᠲ ᠤᠨ ᠨᠣᠮᠸᠷ ᠢᠶᠡᠨ ᠢᠯᠡ ᠪᠠᠷ ᠨᠡᠢᠳ᠋ᠡᠯᠡᠨ ᠂ ᠭᠦᠨᠳ᠋ᠣᠳᠬᠡᠯᠳ᠋ᠣ ᠭᠦᠮᠣᠰ ᠤᠨ ᠬᠠᠨᠳ᠋ᠢᠪ ᠂ ᠬᠠᠢᠷ᠎ᠠ ᠭᠦᠷᠳ᠋ᠡᠭ᠍ᠰᠡᠨ ᠰᠣᠷᠣᠭᠴᠢᠳ ᠤᠨ ᠨᠡᠷᠡᠰ ᠢ ᠡᠷᠬᠢᠴᠡᠭᠦᠯᠦᠨ ᠂ ᠵᠦ᠋ᠪᠯᠡᠯ ᠤᠨ ᠠᠵᠢᠯᠯᠭ᠎ᠠ ᠪᠡᠨ ᠣᠣᠯ ᠶᠣᠰᠣᠭᠠᠷ ᠡᠷᠴᠢᠮᠳ᠋ᠠᠢ ᠦᠷᠨ᠋ᠢᠭᠦᠯᠵᠣ ᠪᠠᠳ᠋ᠣ ᠦᠷᠭᠦᠯᠵᠢᠯᠡᠭᠦᠯᠭᠦ ᠶᠢᠨ ᠵᠣᠷᠢᠭ ᠢᠶᠡᠨ ᠢᠯᠡᠳᠭᠡᠭ᠍ᠰᠡᠨ ᠪᠠᠢᠨ᠎ᠠ ᠃

1. 《 ᠰᠤᠶᠤᠯ ᠤᠨ ᠠᠯᠳ᠋ᠠᠨ ᠦᠯᠦᠬᠡᠢ 》 ᠰᠣᠷᠣᠯᠭ᠎ᠠ ᠶᠢᠨ ᠰᠠᠭᠣᠷᠢ ᠮᠦ᠋ᠡᠭ᠍ᠭᠦᠨ ᠦ ᠰᠠᠡᠭ᠌ ᠳ᠋ᠤ ᠮᠦ᠋ᠩᠭᠦ ᠬᠠᠨᠳ᠋ᠢᠪᠯᠠᠪᠠ

ᠰᠤᠷᠭᠠᠭᠤᠯᠢ ᠶᠢᠨ ᠣᠳ᠋ᠣᠷᠢᠳᠬᠣ ᠪᠠᠭ ᠂ ᠰᠣᠷᠭᠠᠭᠣᠯᠢ ᠶᠢᠨ ᠶᠠᠪᠣᠳ᠋ᠠᠯ ᠤᠨ ᠵᠦ᠋ᠪᠯᠠᠯ ᠤᠨ ᠭᠡᠰᠢᠭᠦᠳ ᠂ ᠨᠠᠮ ᠤᠨ ᠭᠡᠰᠢᠭᠦᠨ ᠪᠠᠭᠰᠢ ᠠᠵᠢᠯᠳ᠋ᠠᠨ ᠨᠠᠷ ᠠ᠋ᠴᠠ ᠰᠠᠢᠨ ᠲᠤᠷ᠎ᠠ ᠠ᠋ᠴᠠ ᠪᠠᠨ 《 ᠰᠤᠶᠤᠯ ᠤᠨ ᠠᠯᠳ᠋ᠠᠨ ᠦᠯᠦᠬᠡᠢ 》 ᠰᠤᠷᠤᠯᠭ᠎ᠠ ᠶᠢᠨ ᠱᠠᠡᠭ᠍ᠨ᠋ᠠᠯ ᠤᠨ ᠰᠠᠭᠤᠷᠢ ᠮᠦ᠋ᠩᠭᠦ ᠶᠢᠨ ᠰᠠᠡᠭ᠌ ᠳ᠋ᠤ ᠬᠠᠡᠳ᠋ᠢᠪ ᠡᠷᠭᠦᠭ᠍ᠰᠡᠨ ᠡᠴᠨ ᠭᠠᠳ᠋ᠠᠨ᠎ᠠ ᠂ ᠪᠠᠭᠠᠷᠢᠨ ᠵᠡᠷ ᠬᠡᠪᠯᠡᠯ ᠤᠨ ᠬᠢᠵᠠᠭᠠᠷᠳ᠋ᠤ ᠬᠠᠷᠢᠭᠤᠴᠠᠯᠭᠠᠳ᠋ᠤ ᠺᠤᠮᠫᠠᠨ᠋ᠢ ᠶᠢᠨ ᠳᠠᠭᠠᠭᠠᠮᠠᠯ ᠮᠦ᠋ᠩᠭᠡ ᠂ ᠰᠠᠷᠠᠨ᠎ᠠ ᠠ᠋ᠴᠠ 1 ᠲᠦ᠋ᠮᠡᠨ ᠲᠦ᠋ᠬᠦᠷᠢᠭ᠌  ᠨᠡᠮᠡᠷᠢᠯᠡᠵᠣ ᠂ ᠨᠡᠢᠳ᠋ᠡ 3.28 ᠳᠦ᠋ᠮᠡᠨ ᠳᠦ᠋ᠭᠦᠷᠢᠭ᠌ ᠤᠨ ᠬᠠᠯᠠᠭᠣᠨ ᠰᠠᠳᠬᠢᠯ ᠤᠨ ᠢᠯᠴᠢ ᠪᠦᠭᠦᠢ ᠬᠠᠨᠳ᠋ᠢᠪ ᠮᠦ᠋ᠩᠭᠦ ᠭᠦᠷᠦᠩᠭᠡ ᠰᠠᠩ ᠳ᠋ᠤ ᠣᠷᠣᠪᠠ ᠃ ᠡᠨᠳ᠋ᠡ ᠳᠣᠷᠠᠳ᠋ᠣᠭᠣᠰᠢᠳ᠋ᠠᠢ ᠨᠢ 2015 ᠣᠨ ᠦ 9 ᠰᠠᠷ᠎ᠠ ᠶᠢᠨ 10 ᠪᠠᠷ ᠪᠠᠭᠰᠢ ᠶᠢᠨ ᠪᠠᠶᠠᠷ ᠤᠨ ᠡᠳ᠋ᠣᠷ ᠳ᠋ᠠᠪᠠᠨ ᠦ ᠨᠢᠭᠡᠳ᠋ᠣᠭᠡᠷ ᠳᠣᠮᠳ᠋ᠠᠳ᠋ᠣ ᠰᠣᠷᠭᠠᠭᠣᠯᠢ ᠶᠢᠨ ᠳᠠᠮᠢᠷ ᠤᠨ ᠪᠠᠭᠰᠢ ᠲ· ᠰᠡᠷᠭᠦᠯᠡᠩ ᠠ᠋ᠴᠠ ᠦᠪᠠᠷ ᠤᠨ ᠰᠢᠯᠢᠳ᠋ᠡᠭ᠌ ᠰᠣᠷᠭᠠᠭᠴᠢ ᠶᠢᠨ ᠱᠠᠩᠨ᠋ᠠᠯ ᠤᠨ ᠮᠦ᠋ᠩᠭᠦ ᠠ᠋ᠴᠠ ᠪᠡᠨ 1 ᠳᠦ᠋ᠮᠡ 5 ᠮᠢᠩᠭᠠᠨ ᠳᠦ᠋ᠭᠦᠷᠢᠭ᠌ ᠬᠠᠨᠳ᠋ᠢᠪᠯᠠᠭᠰᠠᠨ ᠨᠢ ᠰᠣᠷᠭᠠᠭᠣᠯᠢ ᠨᠡᠢᠳ᠋ᠡ ᠳ᠋ᠤ ᠪᠡᠨ ᠰᠣᠳ᠋ᠣᠨ ᠳᠠᠭᠣᠷᠢᠶᠠᠯ ᠪᠣᠯᠣᠭᠰᠠᠨ ᠪᠠᠢᠨ᠎ᠠ ᠃

2. ᠰᠢᠯᠢᠳ᠋ᠡᠭ᠌ ᠰᠤᠷᠤᠯᠭᠠᠳ᠋ᠠᠳ ᠲᠣ ᠱᠠᠩᠨ᠋ᠠᠯ ᠤᠨ ᠮᠦ᠋ᠩᠭᠦ ᠣᠯᠭᠣᠪᠠ

2015 ᠣᠨ ᠳ᠋ᠤ ᠰᠣᠷᠣᠯᠭ᠎ᠠ ᠶᠢᠨ ᠪᠦᠳ᠋ᠣᠮᠵᠢ ᠪᠠᠷ ᠱᠠᠩᠨ᠋ᠠᠯ ᠭᠦᠷᠳ᠋ᠡᠭᠦ 134 ᠨᠠᠷ᠎ᠠ ᠰᠤᠷᠤᠭᠴᠢ ᠳ᠋ᠤ ᠰᠤᠷᠤᠯᠭ᠎ᠠ ᠶᠢᠨ ᠱᠠᠡᠭ᠍ᠨ᠋ᠠᠯ ᠤᠨ ᠮᠦ᠋ᠡᠭ᠍ᠬᠦ ᠣᠯᠭᠣᠪᠠ ᠃ ᠱᠠᠩᠨ᠋ᠠᠭᠰᠠᠨ ᠮᠦ᠋ᠩᠭᠦ ᠨᠢ ᠨᠠᠢᠳ᠋ᠠ 20.3 ᠲᠦ᠋ᠮᠡᠨ ᠲᠦ᠋ᠬᠦᠷᠢᠭ᠌ ᠃ ᠡᠨ᠋ᠡ ᠶᠡᠭᠡ ᠳᠣᠭ᠎ᠠ ᠨᠢ ᠰᠣᠷᠭᠠᠭᠣᠯᠢ ᠶᠢᠨ ᠪᠠᠭᠰᠢ ᠨᠠᠷ ᠤᠨ ᠬᠠᠨᠳ᠋ᠢᠪᠯᠠᠭᠰᠠᠨ ᠮᠦ᠋ᠩᠭᠦ ᠂ ᠨᠡᠢᠭᠡᠮ ᠤᠨ ᠡᠯ᠎ᠡ ᠡᠳ᠋ᠡᠭᠡᠳ ᠠ᠋ᠴᠠ ᠬᠠᠨᠳ᠋ᠢᠪᠯᠠᠭᠰᠠᠨ ᠮᠦ᠋ᠩᠭᠦ ᠂ ᠰᠣᠷᠭᠠᠭᠣᠯᠢ ᠶᠢᠨ ᠡᠳ᠋ ᠤᠨ ᠶᠠᠪᠣᠳ᠋ᠠᠯ ᠠ᠋ᠴᠠ ᠭᠠᠷᠭᠠᠭᠰᠠᠨ ᠮᠦ᠋ᠩᠭᠦ ᠪᠣᠯᠣᠨ᠎ᠠ ᠃ ᠨᠢᠭᠡᠳ᠋ᠣᠭᠡᠷ ᠳᠡᠰ ᠤᠨ ᠱᠠᠩᠨ᠋ᠠᠯ ᠭᠦᠷᠳ᠋ᠡᠭ᠍ᠰᠡᠳ ᠢ 3 ᠮᠢᠩᠭᠠᠨ ᠳᠦ᠋ᠭᠦᠷᠢᠭ᠌ ᠂ ᠬᠣᠶᠠᠳ᠋ᠣᠭᠠᠷ ᠳᠡᠰ ᠤᠨ ᠱᠠᠩᠨ᠋ᠠᠯ ᠭᠦᠷᠳ᠋ᠡᠭ᠍ᠰᠡᠳ ᠢ 2 ᠮᠢᠩᠭᠠᠨ ᠳᠦ᠋ᠭᠦᠷᠢᠭ᠌ ᠂ ᠭᠣᠷᠪᠠᠳ᠋ᠣᠭᠠᠷ ᠳᠡᠰ ᠤᠨ ᠱᠠᠩᠨ᠋ᠠᠯ ᠭᠦᠷᠳ᠋ᠡᠭ᠍ᠰᠡᠳ ᠢ 1 ᠮᠢᠩᠭᠠᠨ ᠳᠦ᠋ᠭᠦᠷᠢᠭ᠌ ᠢᠶᠡᠷ ᠱᠠᠩᠨ᠋ᠠᠭᠰᠠᠨ ᠨᠢ ᠪᠦᠭᠦ ᠰᠣᠷᠣᠭᠴᠢ ᠶᠢᠨ ᠵᠠᠭᠣᠨ ᠦ ᠠᠷᠪᠠ ᠳ᠋ᠤ ᠭᠦᠷᠦᠭ᠍ᠰᠡᠨ ᠪᠠᠢᠨ᠎ᠠ ᠃

ᠱᠠᠩᠨ᠋ᠠᠯ ᠤᠨ ᠣᠭ ᠰᠠᠨ᠋ᠠᠭ᠎ᠠ ᠨᠢ ᠠᠮᠵᠢᠯᠳ᠋ᠠ ᠪᠦᠳ᠋ᠣᠮᠵᠢ ᠭᠠᠷᠭᠠᠭᠰᠠᠳ ᠲᠣ ᠣᠷᠮ᠎ᠠ ᠢᠳ᠋ᠡᠭᠡᠯ ᠣᠷᠮ᠎ᠠ ᠶᠢᠨ ᠵᠦ᠋ᠪ ᠡᠨ᠋ᠸᠷᠬᠢ ᠪᠠᠷ ᠨᠠᠩ ᠣᠯᠠᠨ ᠢ ᠳᠠᠢᠴᠢᠯᠠᠬᠣ ᠶᠢᠨ ᠣᠷᠢᠳ᠋ᠠᠯ ᠶᠣᠮ ᠃

3. ᠪᠠᠭᠠᠷᠢᠨ ᠪᠠᠷᠠᠭᠣᠨ ᠬᠣᠰᠢᠭᠣᠨ ᠦ ᠣᠯᠠᠭᠠᠠᠮᠦ᠋ᠴᠢᠷ ᠤᠨ 《 ᠬᠠᠢᠷ᠎ᠠ ᠶᠢᠨ ᠬᠠᠨᠳ᠋ᠢᠪ 》 ᠣᠷᠠᠨ ᠰᠠᠢᠬᠠᠨ ᠦ ᠳᠣᠭᠯᠠᠯᠳ᠋ᠠ ᠭᠠᠷᠭᠠᠪᠠ

2016 ᠣᠨ ᠳ᠋ᠤ ᠳᠡᠭᠡᠳ᠋ᠣ ᠰᠢᠯᠭᠠᠯᠳ᠋ᠠ ᠣᠭᠳ᠋ᠣᠬᠣ ᠪᠠᠭᠰᠢ ᠰᠣᠷᠣᠭᠴᠢᠳ ᠲᠣ ᠵᠣᠷᠢᠭᠣᠯᠣᠨ ᠪᠠᠭᠠᠷᠢᠨ ᠪᠠᠷᠠᠭᠤᠨ ᠬᠤᠰᠢᠭᠤᠨ ᠦ ᠤᠯᠠᠭᠠᠨᠮᠦ᠋ᠴᠢᠷ ᠤᠨ 《 ᠬᠠᠢᠷ᠎ᠠ ᠶᠢᠨ ᠬᠠᠨᠳ᠋ᠢᠪ 》 ᠣᠷᠠᠨ ᠰᠠᠢᠬᠠᠨ ᠦ ᠳᠣᠭᠯᠠᠯᠳ᠋ᠠ ᠨᠢ ᠪᠠᠭᠰᠢ ᠰᠤᠷᠤᠭᠴᠢᠳ ᠤᠨ ᠬᠤᠢᠰᠢᠳ᠋ᠡ ᠶᠢᠨ ᠠᠵᠢᠯ ᠠᠮᠢᠳ᠋ᠣᠷᠠᠯ ᠂ ᠰᠤᠷᠤᠯᠴᠠᠯᠭ᠎ᠠ ᠵᠢᠨ ᠬᠢᠨ ᠦᠭᠡᠳ᠋ᠠ ᠬᠡᠢᠮᠦᠷᠢ ᠲᠡᠢ ᠪᠠᠢᠬᠣ ᠶᠢ ᠨᠢ ᠵᠦ᠋ᠡᠭ᠍ᠨ᠋ᠡᠵᠦ ᠂ ᠬᠦᠷᠦᠯᠴᠡᠨ  ᠢᠷᠡᠭ᠍ᠰᠡᠨ  ᠪᠦᠬᠦ  ᠦᠵᠡᠭᠴᠢᠳ ᠤᠨ ᠰᠣᠨ᠋ᠣᠷ  ᠢ ᠮᠢᠯᠢᠶᠠᠨ ᠬᠠᠷᠠᠭ᠎ᠠ ᠶᠢ ᠪᠠᠶᠠᠰᠬᠠᠭᠰᠡᠨ ᠪᠠᠢᠨ᠎ᠠ  ᠃

 

ᠳᠠᠷᠠᠭᠠᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠳ᠋ᠠᠪᠠᠨ ᠤ ᠨᠢᠭᠡᠳᠦᠭᠡᠷ ᠮᠣᠩᠭᠤᠯ ᠳᠤᠮᠳᠠᠳᠤ ᠰᠤᠷᠭᠠᠭᠤᠯᠢ ᠬᠡᠪᠯᠡᠯ ᠦᠨ ᠡᠷᠬᠡ ᠲᠡᠢ᠂ ᠥᠪᠦᠷ ᠮᠣᠩᠭᠤᠯ ᠤᠨ ᠳᠡᠯᠡᠬᠡᠢ ᠮᠡᠳᠡᠭᠡ ᠵᠠᠩᠭᠢ ᠮᠡᠷᠭᠡᠵᠢᠯ ᠦᠨ ᠬᠢᠵᠠᠭᠠᠷᠲᠤ ᠺᠣᠮᠫᠠᠨᠢ ᠮᠡᠷᠭᠡᠵᠢᠯ ᠬᠠᠩᠭᠠᠪᠠ ᠃
蒙ICP备16003678号